ᠡᠨᠡ ᠬᠦ ᠦᠩᠭᠡ ᠶᠢᠨ ᠴᠡᠴᠡᠭ ᠪᠠᠳᠠᠷᠠᠨ ᠳᠡᠯᠭᠡᠷᠡᠭᠰᠡᠨ ᠲᠠᠪᠤᠨ ᠰᠠᠷ᠎ᠠ ᠳᠤ᠂ 114 ᠳ᠋ᠦ᠋ᠭᠡᠷ ᠤᠯᠠᠨ | ᠤᠯᠤᠰ ᠤᠨ ᠰᠤᠪᠢᠯᠠᠭᠴᠢ ᠶᠢᠨ ᠪᠠᠶᠠᠷ ᠢ ᠤᠭᠲᠤᠪᠠ᠃ ᠷᠠᠰᠢᠶᠠᠨ ᠬᠤᠳᠠ ᠶᠢᠨ ᠮᠣᠩᠭᠤᠯ ᠬᠢᠲᠠᠳ ᠡᠮᠨᠡᠯᠭᠡ ᠶᠢᠨ | ᠬᠤᠷᠢᠶᠠᠨ ᠤ ᠰᠤᠪᠢᠯᠠᠭᠴᠢᠳ ᠤᠨ ᠭᠤᠶᠠᠴᠢ ᠦᠭᠡᠢ ᠵᠢᠳᠭᠦᠯ ᠦᠵᠡᠭᠦᠯᠦᠭᠰᠡᠨ ᠪᠠ ᠰᠢᠷᠭᠠᠭᠤ ᠬᠠᠲᠠᠭᠤᠵᠢᠯᠲᠠᠢ | ᠬᠤᠪᠢ ᠨᠡᠮᠡᠷᠢ ᠦᠵᠡᠭᠦᠯᠥᠭᠰᠠᠨ ᠳᠤ ᠲᠠᠯᠠᠷᠬᠠᠵᠣ ᠪᠠᠶᠢᠭ᠎ᠠ ᠢᠶᠠᠨ ᠢᠯᠡᠳᠭᠡᠬᠦ ᠶᠢᠨ ᠲᠥᠯᠥᠭᠡ᠂ ᠸᠧᠨᠴᠢᠤᠸᠠᠨ ᠵᠡᠭᠡᠯᠢ | ᠶᠢᠨ ᠱᠧᠨᠴᠢᠣᠸᠠᠨ ᠨᠡᠶᠢᠭᠡᠮ ᠲᠣᠭᠤᠷᠢᠭ ᠤᠨ ᠬᠢᠨ ︽ᠬᠠᠮᠤᠭ ᠤᠨ ᠭᠤᠶᠤ ᠰᠦᠷᠣᠨ ᠣᠷᠣᠬᠰᠢᠯᠡᠬᠴᠢ︾ ᠳᠤ | ᠬᠠᠶᠢᠷ᠎ᠠ ᠬᠠᠯᠠᠮᠵᠢ ᠪᠠ ᠵᠥᠩᠨᠡᠯ ᠳᠡᠪᠰᠢᠭᠦᠯᠡᠬᠦ ᠠᠵᠢᠯᠯᠠᠭ᠎ᠠ ᠦᠷᠨᠢᠬᠦᠯᠪᠡ᠃ | ᠠᠵᠢᠯᠯᠠᠭ᠎ᠠ ᠶᠢᠨ ᠲᠤᠬᠠᠢ ᠶᠢᠨ ᠲᠠᠯᠠᠪᠠᠢ ᠳᠤ᠂ ᠨᠡᠶᠢᠭᠡᠮ ᠲᠣᠭᠤᠷᠢᠭ ᠤᠨ ᠠᠵᠢᠯᠳᠡ ᠨᠠᠷ ᠰᠤᠪᠢᠯᠠᠭᠴᠢᠳ ᠲᠤ | ᠪᠡᠯᠡᠳᠬᠡᠭᠰᠡᠨ ᠰᠣᠷᠭᠤᠭ ᠴᠡᠴᠡᠭ ᠬᠦᠷᠭᠡᠵᠦ᠂ ᠲᠠᠳᠡ ᠨᠠᠷ ᠲᠤ ᠨᠡᠶᠢᠭᠡᠮ ᠲᠣᠭᠤᠷᠢᠭ ᠤᠨ ᠬᠠᠯᠠᠮᠵᠢᠯᠠᠯ ᠪᠠ | ᠬᠦᠨᠳᠦᠳᠬᠡᠯ ᠢᠶᠠᠨ ᠲᠠᠪᠰᠢᠬᠦᠯᠵᠡᠢ᠃ | ᠲᠣᠰ ᠤᠳᠠᠭᠠᠨ ᠤ ᠰᠤᠪᠢᠯᠠᠭᠴᠢ ᠶᠢᠨ ᠪᠠᠶᠠᠷ ᠢ ᠪᠡᠯᠭᠡᠯᠡᠬᠦ ᠠᠵᠢᠯᠯᠠᠭ᠎ᠠ ᠨᠢ ᠬᠠᠷᠢᠶ᠎ᠠ ᠣᠷᠣᠨ ᠤ ᠡᠮᠨᠡᠯᠭᠡ ᠶᠢᠨ | ᠬᠤᠷᠢᠶᠠᠨ ᠤ ᠰᠤᠪᠢᠯᠠᠭᠴᠢᠳ ᠲᠤ ᠪᠠᠶᠠᠷ ᠤᠨ ᠡᠳᠦᠷ ᠤᠨ ᠪᠠᠶᠠᠷ ᠪᠠᠭ᠋ᠠᠳᠤᠯ ᠪᠠ ᠨᠡᠶᠢᠭᠡᠮ ᠲᠣᠭᠤᠷᠢᠭ ᠤᠨ ᠬᠠᠶᠢᠷ᠎ᠠ | ᠬᠠᠯᠠᠮᠵᠢ ᠶᠢ ᠬᠦᠷᠲᠡᠭᠡᠭᠰᠡᠨ ᠢᠶᠠᠷ ᠪᠠᠷᠠᠬᠤ ᠥᠬᠡᠶ ᠪᠠᠰᠠ ᠨᠡᠶᠢᠭᠡᠮ ᠲᠣᠭᠤᠷᠢᠭ ᠪᠠ ᠡᠮᠴᠢ ᠰᠤᠪᠢᠯᠠᠭᠴᠢ ᠶᠢᠨ | ᠬᠤᠭᠤᠷᠣᠨᠳᠣᠬᠢ ᠬᠠᠷᠢᠴᠠᠭ᠎ᠠ ᠶᠢ ᠤᠯᠠᠮ ᠨᠢᠭᠡ ᠠᠯᠬᠤᠮ ᠨᠢᠬᠳᠡᠷᠡᠭᠤᠯᠵᠠᠢ᠃ |