︵ᠰᠤᠷᠪᠤᠯᠵᠢᠯᠠᠭᠴᠢ ᠤᠷᠤᠭᠰᠢᠯᠠᠯᠳᠠ ᠲᠡᠭᠵᠢᠷᠡᠬᠦ ᠳ᠋ᠦᠡᠭ ᠯᠢ ᠫᠢᠡᠭ︶ ᠬᠦᠬᠡᠭᠴᠢᠨ ᠮᠤᠭᠠᠢ ᠵᠢᠯ ᠢᠶᠠᠨ ᠤᠭᠳᠤᠵᠦ | ᠪᠠᠶᠢᠭ᠎ᠠ ᠡᠨᠡᠬᠦ ᠦᠯᠵᠡᠢ ᠪᠡᠯᠬᠡᠳᠤ ᠴᠠᠭ ᠮᠦᠴᠡ ᠳᠤ᠂ ᠬᠢᠨᠭ᠍ᠭᠠᠨ ᠠᠶᠢᠮᠠᠭ ᠤᠨ ᠲᠠᠷᠢᠶᠠᠯᠠᠩ ᠮᠠᠯ ᠠᠵᠦ ᠠᠬᠤᠢ ᠶᠢᠨ | ᠰᠢᠨᠵᠢᠯᠡᠬᠦ ᠤᠬᠠᠭᠠᠨ ᠤ ᠰᠤᠳᠤᠯᠬᠤ ᠭᠠᠵᠠᠷ ᠠᠴᠠ ᠪᠠᠶᠠᠷ ᠤᠨ ᠮᠡᠳᠡᠭᠡ ᠤᠯᠠᠮᠵᠢᠯᠠᠭᠳᠠᠪᠠ᠃ ᠲᠤᠰ ᠰᠤᠳᠤᠯᠬᠤ ᠭᠠᠵᠠᠷ ᠤᠨ | ᠲᠠᠷᠢᠮᠠᠯ ᠤᠨ ᠡᠬᠦᠯᠳᠡᠷ ᠪᠤᠶᠢᠵᠢᠭᠤᠯᠬᠤ ᠪᠠ ᠲᠠᠷᠢᠵᠦ ᠤᠷᠭᠤᠭᠤᠯᠬᠤ ᠰᠤᠳᠤᠯᠭᠠᠨ ᠤ ᠲᠠᠰᠤᠭ ᠤᠨ ᠲᠡᠳ᠋ ᠰᠤᠳᠤᠯᠤᠭᠴᠢ ᠯᠢ | ᠦᠷᠡᠵᠢᠮᠢᠰ᠂ 2024 ᠤᠨ ᠤ 12 ᠰᠠᠷ᠎ᠠ ᠶᠢᠨ 26 ᠤ ᠡᠳᠦᠷ᠂ ᠮᠤᠩᠭᠤᠯ ᠤᠯᠤᠰ ᠤᠨ ᠤᠯᠤᠰ ᠤᠨ ᠶᠡᠭᠡ | ᠰᠤᠷᠭᠠᠭᠤᠯᠢ ᠳᠤ ᠠᠮᠢᠳᠤ ᠪᠤᠳᠠᠰ ᠤᠨ ᠰᠢᠨᠵᠢᠯᠡᠬᠡᠨ ᠤ ᠴᠢᠭᠯᠡᠯ ᠢᠶᠠᠷ ᠳ᠋ᠤᠺᠲ᠋ᠤᠷᠠᠨᠲ ᠲᠡᠬᠦᠰᠬᠦ ᠨᠤᠮ ᠬᠠᠶᠠᠯᠴᠠᠭᠠᠨ ᠳᠤ | ᠤᠷᠤᠯᠴᠠᠭᠠᠳ᠂ ᠲᠤᠯᠤᠭᠠᠨ ᠮᠡᠷᠬᠡᠵᠢᠯᠳᠡᠨ ᠢᠶᠠᠷ ᠪᠦᠷᠢᠯᠳᠦᠭᠰᠡᠨ ᠰᠢᠨᠵᠢᠯᠡᠬᠦ ᠤᠬᠠᠭᠠᠨ ᠤ ᠺᠤᠮᠢᠰ ᠤᠨ ᠵᠦᠪᠯᠡᠯ ᠤᠨ | ᠡᠷᠳᠡᠮᠳᠡᠨ ᠪᠠᠭᠰᠢ ᠨᠡᠷ ᠤᠨ ᠰᠠᠨᠠᠯ ᠨᠢᠬᠡᠳᠡᠢ ᠦᠨᠳᠦᠷ ᠦᠨᠡᠯᠡᠯᠳᠡ ᠶᠢ ᠬᠦᠷᠳᠡᠵᠦ᠂ ᠠᠮᠵᠢᠯᠳᠠ ᠲᠠᠢ ᠪᠠᠷ ᠰᠤᠷᠤᠯᠭ᠎ᠠ ᠪᠠᠨ | ᠲᠡᠬᠦᠰᠬᠡᠵᠦ᠂ ᠪᠦᠬᠦ ᠠᠶᠢᠮᠠᠭ ᠤᠨ ᠲᠠᠩᠰᠠᠨ ᠳᠤ ᠪᠠᠶᠢᠭ᠎ᠠ ᠤᠷᠤᠨ ᠲᠤᠭ᠎ᠠ ᠲᠠᠢ ᠺᠠᠳ᠋ᠷ ᠠᠵᠢᠯᠳᠠᠨ ᠤ ᠲᠤᠮᠳᠠ ᠭᠠᠳᠠᠭᠠᠳᠤ | ᠤᠯᠤᠰ ᠲᠤ ᠡᠷᠳᠡᠮ ᠤᠨ ᠴᠤᠯᠠ ᠬᠠᠮᠠᠭᠠᠯᠠᠭᠰᠠᠨ ᠲᠦᠷᠦᠬᠦᠤ ᠨᠢᠬᠡ ᠳ᠋ᠤᠺᠲ᠋ᠤᠷ ᠪᠤᠯᠤᠭᠰᠠᠨ ᠪᠠᠶᠢᠨ᠎ᠠ᠃ | 2021 ᠤᠨ ᠤ 12 ᠰᠠᠷ᠎ᠠ ᠠᠴᠠ 2024 ᠤᠨ ᠤ 12 ᠰᠠᠷ᠎ᠠ ᠪᠤᠯᠳᠠᠯ᠎ᠠ᠂ ᠯᠢ ᠦᠷᠡᠵᠢᠮᠢᠰ ᠮᠤᠩᠭᠤᠯ ᠤᠯᠤᠰ ᠤᠨ | ᠤᠯᠤᠰ ᠤᠨ ᠶᠡᠭᠡ ᠰᠤᠷᠭᠠᠭᠤᠯᠢ ᠳᠤ ᠠᠮᠢᠳᠤ ᠪᠤᠳᠠᠰ ᠤᠨ ᠰᠢᠨᠵᠢᠯᠡᠬᠡᠨ ᠤ ᠴᠢᠭᠯᠡᠯ ᠢᠶᠠᠷ ᠳ᠋ᠤᠺᠲ᠋ᠤᠷᠠᠨᠲ ᠢᠶᠠᠷ ᠰᠤᠷᠤᠯᠴᠠᠵᠤ᠂ | ︽ᠮᠠᠤᠲ ᠤᠮᠢᠺᠢᠰ ᠤᠨ ᠠᠨᠠᠯᠢᠰ ᠲᠤ ᠰᠠᠭᠤᠷᠢᠯᠠᠭᠰᠠᠨ ᠦᠡᠭᠬᠡᠳᠤ ᠪᠤᠭᠤᠳᠠᠢ ᠶᠢᠨ ᠦᠷ᠎ᠡ ᠶᠢᠨ ᠦᠡᠭᠬᠡ ᠨᠡᠶᠢᠯᠡᠯᠴᠡᠬᠦ ᠠᠷᠭ᠎ᠠ | ᠵᠠᠮ ᠤᠨ ᠲᠤᠭᠳᠠᠴᠠ ᠶᠢᠨ ᠲᠤᠬᠠᠢ ᠰᠤᠳᠤᠯᠭᠠᠨ︾ ᠬᠡᠬᠦ ᠭᠠᠷᠴᠠᠭ ᠲᠠᠢ ᠦᠬᠦᠯᠡᠯ ᠢᠶᠠᠷ ᠢᠶᠠᠨ ᠳ᠋ᠤᠺᠲ᠋ᠤᠷ ᠴᠤᠯᠠ | ᠬᠠᠮᠠᠭᠠᠯᠠᠭᠰᠠᠨ ᠪᠠᠶᠢᠨ᠎ᠠ᠃ | ᠯᠢ ᠦᠷᠡᠵᠢᠮᠢᠰ ᠳ᠋ᠤᠺᠲ᠋ᠤᠷ ᠤᠨ ᠲᠠᠨᠢᠯᠴᠠᠭᠤᠯᠤᠭᠰᠠᠨ ᠢ ᠦᠨᠳᠦᠰᠦᠯᠡᠪᠡᠯ᠄ ︽ᠲᠤᠰ ᠦᠬᠦᠯᠡᠯ ᠳᠤ ᠴᠠᠭᠠᠨ᠂ ᠨᠤᠭᠤᠭᠠᠨ | ᠂ ᠶᠠᠭᠠᠨ ᠪᠠ ᠬᠠᠷ᠎ᠠ ᠦᠡᠭᠬᠡ ᠲᠠᠢ ᠪᠤᠭᠤᠳᠠᠢ ᠠᠴᠠ ᠰᠢᠯᠢᠳᠡᠭ ᠡᠬᠦᠯᠳᠡᠷ ᠤᠨ ᠭᠧᠨ ᠢ 12 ᠰᠤᠩᠭᠤᠵᠦ᠂ ᠴᠡᠴᠡᠭᠯᠡᠬᠦ ᠦᠶ᠎ᠡ᠂ | ᠮᠦᠬᠦᠯᠢᠭ ᠤᠨ ᠤᠰᠤ ᠪᠤᠷᠢᠯᠳᠦᠬᠦ ᠦᠶ᠎ᠡ ᠪᠠ ᠮᠦᠬᠦᠯᠢᠭ ᠤᠨ ᠰᠦ ᠪᠦᠷᠢᠯᠳᠦᠬᠦ ᠦᠶ᠎ᠡ ᠬᠡᠵᠦ ᠭᠤᠷᠪᠠᠨ ᠱᠠᠳᠤ ᠬᠤᠪᠢᠶᠠᠵᠦ᠂ | ᠨᠢᠬᠡ ᠶᠢ ᠨᠢ ᠭᠤᠷᠪᠠ ᠤᠳᠠᠭ᠎ᠠ ᠲᠠᠪᠳᠠᠵᠦ᠂ ᠨᠡᠶᠢᠳᠡ 36 ᠦᠯᠢᠬᠡᠷ ᠬᠡᠪ ᠠᠪᠴᠦ᠂ ᠬᠠᠷᠢᠴᠠᠭᠤᠯᠤᠨ ᠰᠤᠳᠤᠯᠤᠭᠰᠠᠨ | ᠰᠠᠭᠤᠷᠢᠨ ᠲᠡᠬᠡᠷ᠎ᠡ ᠪᠠᠨ ᠳ᠋ᠦᠡᠭᠨᠡᠯᠳᠡ ᠬᠢᠵᠠᠢ᠃ ᠵᠤᠷᠢᠯᠭ᠎ᠠ ᠨᠢ᠂ ᠪᠤᠭᠤᠳᠠᠢ ᠶᠢᠨ ᠰᠢᠨ᠎ᠡ ᠡᠬᠦᠯᠳᠡᠷ ᠢ ᠰᠤᠩᠭᠤᠨ | ᠪᠤᠶᠢᠵᠢᠭᠤᠯᠬᠤ ᠵᠢᠴᠢ ᠬᠤᠨ ᠤ ᠮᠡᠷᠬᠡᠵᠢᠯ ᠢ ᠠᠰᠢᠭᠯᠠᠨ ᠪᠤᠭᠤᠳᠠᠢ ᠶᠢᠨ ᠰᠢᠮ᠎ᠡ ᠲᠡᠵᠢᠬᠡᠯ ᠤᠨ ᠶᠠᠰᠤ ᠴᠢᠨᠡᠷ ᠢ | ᠰᠠᠶᠢᠵᠢᠷᠠᠭᠤᠯᠬᠤ ᠳᠤ ᠪᠤᠢ︾ ᠬᠡᠪᠡ᠃ | ᠯᠢ ᠦᠷᠡᠵᠢᠮᠢᠰ 2012 ᠤᠨ ᠤ 9 ᠰᠠᠷ᠎ᠠ ᠠᠴᠠ 2015 ᠤᠨ ᠤ 7 ᠰᠠᠷ᠎ᠠ ᠪᠤᠯᠳᠠᠯ᠎ᠠ ᠦᠪᠦᠷ ᠮᠤᠩᠭᠤᠯ ᠤᠨ | ᠲᠠᠷᠢᠶᠠᠯᠠᠩ ᠤᠨ ᠶᠡᠭᠡ ᠰᠤᠷᠭᠠᠭᠤᠯᠢ ᠶᠢᠨ ᠨᠤᠳᠤᠭ ᠪᠡᠯᠴᠢᠬᠡᠷ ᠤᠨ ᠰᠢᠨᠵᠢᠯᠡᠭᠡ ᠬᠢᠬᠡᠳ ᠮᠡᠷᠬᠡᠵᠢᠯ ᠢᠶᠠᠷ ᠮᠠᠬᠢᠰᠲ᠋ᠧᠷ | ᠲᠡᠬᠦᠰᠴᠤ᠂ ᠲᠦᠷᠦᠵᠦ ᠦᠰᠦᠭᠰᠡᠨ ᠨᠤᠳᠤᠭ ᠤᠰᠤ ᠬᠢᠨᠭ᠍ᠭᠠᠨ ᠠᠶᠢᠮᠠᠭ ᠲᠠᠭᠠᠨ ᠢᠷᠡᠵᠦ ᠠᠵᠢᠯᠯᠠᠨ᠂ ᠭᠤᠤᠯᠳᠠᠭᠤ ᠭᠧᠨ ᠤ | ᠤᠭ ᠶᠤᠰᠤ ᠶᠢ ᠠᠰᠢᠭᠯᠠᠵᠦ᠂ ᠠᠮᠢᠳᠤ ᠪᠤᠳᠠᠰ ᠤᠨ ᠰᠢᠨᠵᠢᠯᠡᠬᠡᠨ ᠤ ᠬᠠᠷᠠᠭᠠᠰᠤ ᠠᠴᠠ ᠲᠠᠷᠢᠮᠠᠯ ᠤᠨ ᠡᠬᠦᠯᠳᠡᠷ ᠪᠤᠶᠢᠵᠢᠭᠤᠯᠬᠤ | ᠪᠠ ᠲᠠᠷᠢᠵᠦ ᠤᠷᠭᠤᠭᠤᠯᠬᠤ ᠴᠢᠭᠯᠡᠯ ᠢᠶᠠᠷ ᠰᠤᠳᠤᠯᠭᠠᠨ ᠦᠷᠨᠢᠬᠦᠯᠵᠡᠢ᠃ ᠲᠡᠷᠡ᠂ ᠨᠤᠳᠤᠭ ᠲᠠᠭᠠᠨ ᠢᠷᠡᠵᠦ ᠠᠵᠢᠯᠯᠠᠭᠰᠠᠨ | ᠠᠷᠪᠠᠭᠠᠳ ᠵᠢᠯ ᠤᠨ ᠲᠤᠷᠰᠢ ᠬᠠᠮᠳᠤ ᠠᠵᠢᠯᠯᠠᠭᠰᠠᠳ ᠲᠠᠢ ᠪᠠᠨ ᠪᠦᠯᠬᠦᠮᠳᠡᠨ ᠦᠷᠯᠦᠬᠡ ᠦᠳᠡᠰᠢ ᠲᠠᠢ ᠲᠡᠮᠡᠴᠠᠵᠦ᠂ ᠤᠷᠢᠳ | ᠬᠤᠵᠢᠳ ᠪᠦᠬᠦ ᠤᠯᠤᠰ ᠤᠨ ᠡᠯ᠎ᠡ ᠭᠠᠵᠠᠷ ᠠᠴᠠ ᠡᠯ᠎ᠡ ᠲᠦᠷᠦᠯ ᠤᠨ ᠪᠤᠭᠤᠳᠠᠢ ᠶᠢᠨ ᠦᠷ᠎ᠡ ᠶᠢ ᠨᠡᠶᠢᠳᠡ 1260 ᠬᠤᠪᠢ | ᠴᠤᠭᠯᠠᠭᠤᠯᠪᠠ᠃ ᠡᠬᠦᠨ ᠳᠤ᠂ ᠦᠡᠭᠬᠡ ᠲᠠᠢ ᠪᠤᠭᠤᠳᠠᠢ ᠶᠢᠨ ᠦᠷ᠎ᠡ ᠶᠢ ᠨᠡᠶᠢᠳᠡ 120 ᠭᠠᠷᠤᠢ ᠬᠤᠪᠢ ᠴᠤᠭᠯᠠᠭᠤᠯᠵᠦ᠂ | ᠦᠨᠦᠳᠦᠷ ᠤᠨ ᠭᠠᠳᠠᠭᠠᠳᠤ ᠤᠯᠤᠰ ᠲᠤ ᠳ᠋ᠤᠺᠲ᠋ᠤᠷ ᠴᠤᠯᠠ ᠬᠠᠮᠠᠭᠠᠯᠠᠬᠤ ᠳᠠᠭᠠᠨ ᠰᠠᠭᠤᠷᠢ ᠲᠠᠯᠪᠢᠭᠰᠠᠨ ᠪᠠᠶᠢᠨ᠎ᠠ᠃ | ᠡᠬᠦᠨ ᠠᠴᠠ ᠭᠠᠳᠠᠨ᠎ᠠ᠂ ᠯᠢ ᠦᠷᠡᠵᠢᠮᠢᠰ ᠮᠤᠩᠭᠤᠯ ᠤᠯᠤᠰ ᠤᠨ ᠤᠯᠤᠰ ᠤᠨ ᠶᠡᠭᠡ ᠰᠤᠷᠭᠠᠭᠤᠯᠢ ᠳᠤ | ᠳ᠋ᠤᠺᠲ᠋ᠤᠷᠠᠨᠲ ᠢᠶᠠᠷ ᠰᠤᠷᠤᠯᠴᠠᠵᠤ ᠪᠠᠶᠢᠭᠰᠠᠨ ᠲᠤᠬᠢᠶᠠᠯ ᠢᠶᠠᠨ ᠠᠰᠢᠭᠯᠠᠵᠦ ᠪᠠᠶᠢᠭᠠᠳ 50 ᠲᠦᠮᠡᠨ ᠲᠦᠬᠦᠷᠢᠭ ᠤᠨ | ᠡᠳ᠋ ᠤᠨ ᠵᠠᠰᠠᠭ ᠤᠨ ᠪᠡᠯᠡ ᠤᠷᠤᠭᠤᠯᠤᠯᠳᠠ ᠪᠦᠬᠦᠢ ᠦᠪᠦᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠰᠢᠨᠵᠢᠯᠡᠬᠦ | ᠤᠬᠠᠭᠠᠨ ᠲᠧᠭᠨᠢᠭ ᠮᠡᠷᠬᠡᠵᠢᠯ ᠤᠨ ᠪᠤᠭᠤᠮᠳᠠ ᠰᠢᠪᠳᠤᠯᠬᠤ ᠲᠦᠷᠦᠯ ᠵᠦᠢᠯ ᠪᠤᠯᠬᠤ — ︽ᠪᠤᠭᠤᠳᠠᠢ ᠶᠢᠨ ᠰᠢᠨ᠎ᠡ | ᠡᠬᠦᠯᠳᠡᠷ ᠢ ᠰᠤᠩᠭᠤᠨ ᠪᠤᠶᠢᠵᠢᠭᠤᠯᠬᠤ ᠵᠢᠴᠢ ᠬᠤᠨ ᠤ ᠮᠡᠷᠬᠡᠵᠢᠯ ᠢ ᠠᠰᠢᠭᠯᠠᠨ ᠪᠤᠭᠤᠳᠠᠢ ᠶᠢᠨ ᠰᠢᠮ᠎ᠡ ᠲᠡᠵᠢᠬᠡᠯ ᠤᠨ ᠶᠠᠰᠤ | ᠴᠢᠨᠡᠷ ᠢ ᠰᠠᠶᠢᠵᠢᠷᠠᠭᠤᠯᠬᠤ ᠰᠤᠳᠤᠯᠭᠠᠨ︾ ︵ᠤᠯᠠᠨ ᠤᠯᠤᠰ ᠤᠨ ᠬᠠᠮᠵᠢᠯᠴᠠᠭᠠᠨ ᠤ ᠲᠦᠷᠦᠯ ᠵᠦᠢᠯ︶ ᠤ ᠲᠦᠰᠦᠯ ᠢ | ᠭᠤᠶᠤᠴᠢᠯᠠᠨ ᠤᠯᠤᠭᠰᠠᠨ ᠨᠢ ᠲᠡᠬᠦᠨ ᠤ ᠲᠤᠭᠳᠠᠭᠰᠠᠨ ᠴᠠᠭ ᠲᠠᠭᠠᠨ ᠳ᠋ᠤᠺᠲ᠋ᠤᠷ ᠴᠤᠯᠠ ᠬᠠᠮᠠᠭᠠᠯᠠᠬᠤ ᠦᠬᠦᠯᠡᠯ ᠢᠶᠠᠨ | ᠪᠢᠴᠢᠬᠦ ᠳᠤ ᠬᠠᠨᠭ᠍ᠭᠠᠯᠳᠠᠳᠠᠢ ᠪᠠᠷᠢᠮᠳᠠ ᠤᠯᠬᠤ ᠠᠰᠢᠳᠠᠢ ᠰᠠᠶᠢᠬᠠᠨ ᠨᠦᠬᠦᠴᠡᠯ ᠪᠤᠯᠤᠭᠰᠠᠨ ᠪᠠᠶᠢᠵᠠᠢ᠃ | ᠯᠢ ᠦᠷᠡᠵᠢᠮᠢᠰ᠄ ︽ᠳ᠋ᠤᠺᠲ᠋ᠤᠷ ᠴᠤᠯᠠ ᠬᠠᠮᠠᠭᠠᠯᠠᠭᠰᠠᠨ ᠪᠤᠯ ᠲᠦᠮᠡᠨ ᠭᠠᠵᠠᠷ ᠤᠨ ᠠᠶᠠᠨ ᠤ ᠵᠦᠪᠬᠡᠨ ᠲᠦᠷᠦᠬᠦᠤ | ᠨᠢᠬᠡ ᠠᠯᠬᠤᠮ ᠲᠠᠳᠦᠢ᠃ ᠬᠤᠶᠢᠰᠢᠳᠠ ᠶᠢᠨ ᠠᠵᠢᠯ ᠤᠨ ᠲᠤᠮᠳᠠ ᠪᠠᠨ ᠪᠢ ᠠᠵᠢᠯ ᠤᠨ ᠪᠠᠶᠢᠷᠢ ᠳᠠᠭᠠᠨ ᠰᠠᠭᠤᠷᠢᠯᠠᠵᠦ᠂ | ᠬᠠᠮᠳᠤ ᠠᠵᠢᠯᠯᠠᠭᠰᠠᠳ ᠲᠠᠢ ᠪᠠᠨ ᠪᠦᠯᠬᠦᠮᠳᠡᠨ ᠲᠡᠮᠡᠴᠡᠵᠦ᠂ ᠨᠤᠳᠤᠭ ᠤᠰᠤ ᠬᠦᠮᠦᠨ ᠠᠷᠠᠳ ᠢᠶᠠᠨ ᠪᠠᠶᠠᠵᠢᠭᠤᠯᠬᠤ ᠶᠢᠨ | ᠲᠦᠯᠦᠬᠡ ᠦᠷᠬᠦᠯᠵᠢᠯᠡᠨ ᠵᠢᠳᠬᠦᠨ᠎ᠡ︾ ᠬᠡᠵᠦ ᠬᠡᠯᠡᠵᠦ ᠪᠠᠶᠢᠯ᠎ᠠ᠃ |