ᠬᠢᠯᠢ ᠶᠢᠨ ᠳᠠᠷᠬᠠᠨ ᠬᠠᠮᠠᠭᠠᠯᠠᠬᠴᠢ ᠠᠷᠠᠤᠨ ᠤᠨ ᠳᠤᠳᠤᠨᠤ ᠬᠠᠨᠢ — ᠬᠢᠯᠢ ᠬᠠᠮᠠᠭᠠᠯᠠᠭᠴᠢ ᠶᠢᠨ ᠨᠢᠭᠡ ᠡᠳᠥᠷ ᠤᠨ ᠠᠵᠢᠯ ᠢ ᠪᠡᠶᠡᠴᠢᠯᠡᠨ ᠤᠶᠢᠯᠠᠭᠠᠭᠰᠠᠨ ᠰᠤᠷᠪᠤᠯᠵᠢᠯᠠᠭ᠎ᠠ
ᠨᠡᠶᠢᠲᠡᠯᠡᠭᠰᠡᠨ ᠴᠠᠭ᠄
2025/1/3
                        ● ᠰᠤᠷᠪᠤᠯᠵᠢᠯᠠᠭᠴᠢ ᠪᠤᠤ ᠤᠷᠠᠨᠳᠤᠳᠢ ᠪᠤᠤ ᠱᠤᠸᠠᠩ ᠴᠢᠥᠸᠠᠨ ᠳ᠋ᠦᠩ ᠯᠢ ᠫᠢᠩ      2024 ᠤᠨ ᠤ 12 ᠰᠠᠷ᠎ᠠ ᠶᠢᠨ 10 ᠤ ᠡᠳᠥᠷ      ᠡᠷᠳᠡ ᠶᠢᠨ 5 ᠴᠠᠭ 30 ᠮᠢᠨᠦ᠋ᠲ᠂ ᠭᠠᠳᠠᠨ᠎ᠠ ᠭᠡᠭᠡ ᠤᠷᠤᠭᠠᠳᠥᠢ ᠁      ᠮᠠᠨ ᠤ ᠰᠤᠷᠪᠤᠯᠵᠢᠯᠠᠭ᠎ᠠ ᠶᠢᠨ ᠪᠦᠯᠬᠦᠮ ᠲᠦᠬᠦᠮ ᠬᠤᠭᠤᠯᠠ ᠢᠳᠡᠴᠢᠭᠡᠭᠡᠳ ᠬᠢᠨᠭ᠍ᠭᠠᠨ ᠠᠶᠢᠮᠠᠭ ᠤᠨ ᠷᠠᠰᠢᠶᠠᠨ ᠬᠤᠳᠠ ᠶᠢᠨ ᠢᠷᠪᠢᠰ ᠪᠠᠯᠭᠠᠰᠥᠨ ᠳᠤ ᠬᠦᠷᠥᠭᠡᠳ ᠷᠠᠰᠢᠶᠠᠨ ᠤ ᠬᠢᠯᠢ ᠶᠢᠨ ᠬᠠᠮᠢᠶᠠᠷᠤᠯᠳᠠ ᠶᠢᠨ ᠶᠡᠭᠡ ᠠᠩᠬᠢ ᠶᠢᠨ ᠬᠢᠯᠢ ᠬᠠᠮᠠᠭᠠᠯᠠᠭᠴᠢ ᠸᠠᠩ ᠢᠤᠢ ᠹᠠ ᠨᠠᠷ ᠲᠠᠢ ᠵᠤᠯᠭᠤᠨ᠂ ᠳᠡᠳᠡᠨᠥᠰ ᠲᠠᠢ ᠬᠠᠮᠳᠥ ᠳᠤᠮᠳᠠᠳᠥ ᠮᠤᠩᠭᠤᠯ ᠬᠤᠶᠠᠷ ᠤᠯᠤᠰ ᠤᠨ ᠬᠢᠯᠢ ᠶᠢᠨ ᠱᠤᠭᠤᠮ ᠵᠦᠭ ᠮᠤᠷᠳᠡᠨ᠂ ᠳᠡᠳᠡᠨᠥᠰ ᠤᠨ ᠬᠢᠯᠢ ᠬᠢᠵᠠᠭᠠᠷ ᠢᠶᠠᠨ ᠬᠠᠮᠠᠭᠠᠯᠠᠵᠤ ᠪᠠᠶᠢᠭ᠎ᠠ ᠨᠢᠭᠡ ᠡᠳᠥᠷ ᠤᠨ ᠠᠵᠢᠯ ᠠᠮᠢᠳᠤᠷᠠᠯ ᠢ ᠨᠢ ᠪᠡᠶᠡᠴᠢᠯᠡᠨ ᠤᠶᠢᠯᠠᠭᠠᠪᠠ᠃      ᠮᠠᠨᠥᠰ ᠲᠠᠢ ᠬᠠᠮᠳᠥ ᠶᠠᠪᠤᠭ᠎ᠠ ᠬᠦᠮᠥᠰ ᠤᠨ ᠲᠤᠳᠤᠷ᠎ᠠ ᠬᠢᠯᠢ ᠬᠠᠮᠠᠭᠠᠯᠠᠭᠴᠢ ᠸᠠᠩ ᠢᠤᠢ ᠹᠠ᠂ ᠶᠠᠩ ᠶᠦᠨ ᠵᠣ᠋᠂ ᠳ᠋ᠢ ᠸᠧᠢ ᠪᠢᠨ ᠪᠤᠯᠤᠨ ᠠᠷᠠᠳ ᠤᠨ ᠴᠠᠭᠳᠠᠭ᠎ᠠ ᠯᠢᠥ ᡁᠢ ᠴᠢᠶᠠᠩ᠂ ᠰᠢᠤᠢ ᠱᠧᠩ ᠸᠧᠢ ᠪᠠᠶᠢᠨ᠎ᠠ᠃ ᠵᠠᠮ ᠳᠤᠷᠰᠢ᠂ ᠬᠢᠯᠢ ᠬᠠᠮᠠᠭᠠᠯᠠᠭᠴᠢ ᠸᠠᠩ ᠢᠤᠢ ᠹᠠ ᠪᠢᠳᠡᠨ ᠳᠤ ᠬᠢᠯᠢ ᠬᠢᠵᠠᠭᠠᠷ ᠢᠶᠠᠨ ᠰᠠᠬᠢᠨ ᠬᠠᠮᠠᠭᠠᠯᠠᠭᠰᠠᠨ 22 ᠵᠢᠯ ᠤᠨ ᠳᠤᠷᠰᠢᠬᠢ ᠦᠯᠢᠭᠡᠷ ᠢᠶᠠᠨ ᠶᠠᠷᠢᠵᠤ ᠦᠭᠬᠦᠯ᠎ᠡ᠃ ᠸᠠᠩ ᠢᠤᠢ ᠹᠠ ᠡ᠊ᠨᠡ ᠵᠢᠯ ᠵᠢᠷᠠᠨ ᠳᠤᠯᠤᠭᠠᠳᠠᠢ᠂ ᠡᠪ ᠬᠠᠮᠳᠤ ᠨᠠᠮ ᠳᠤ ᠡᠯᠰᠡᠭᠳᠡᠭᠡᠤᠨ 40 ᠵᠢᠯ ᠤᠨ ᠨᠢᠭᠤᠷ ᠢ ᠦᠵᠡᠵᠤ ᠪᠤᠢ᠃ ᠳᠡᠷᠡᠪᠡᠷ ᠬᠠᠷᠠᠬᠠᠨ ᠪᠠᠭ᠎ᠠ ᠠᠴᠠ ᠪᠠᠨ ᠴᠡᠷᠢᠭ ᠲᠤ ᠤᠷᠤᠬᠤ ᠬᠦᠰᠡᠯ ᠲᠠᠢ᠂ ᠬᠡᠳᠡᠯ᠎ᠡ ᠤᠯᠠᠨ ᠰᠢᠯᠳᠠᠭᠠᠨ ᠠᠴᠠ ᠪᠤᠯᠵᠤ ᠦᠨᠥ ᠬᠦᠰᠡᠯ ᠢᠶᠠᠨ ᠪᠡᠶᠡᠯᠡᠬᠦᠯᠵᠤ ᠳᠡᠶᠢᠯᠥᠭᠰᠡᠨ ᠦᠬᠡᠢ᠃ ᠳᠡᠷᠡ ᠪᠤᠯ ᠨᠢᠭᠡᠨ ᠤᠢ ᠰᠢᠭᠤᠢ ᠶᠢᠨ ᠠᠵᠢᠯᠳᠠᠨ᠂ 2003 ᠤᠨ ᠳᠤ 46 ᠨᠠᠰᠥᠳᠠᠢ ᠸᠠᠩ ᠢᠤᠢ ᠹᠠ ᠦᠨᠥ ᠠᠵᠢᠯ ᠢᠶᠠᠨ ᠳᠠᠶᠠᠭᠳᠠᠨ᠂ ᠬᠢᠯᠢ ᠶᠢᠨ ᠱᠤᠭᠤᠮ ᠠᠴᠠ 5 ᠺᠢᠯᠥᠮᠧᠲᠷ ᠵᠠᠶᠢᠳᠠᠢ ᠬᠠᠪᠤᠷᠵᠢᠶ᠎ᠠ ᠳᠤ ᠨᠤᠳᠤᠭᠰᠢᠨ ᠮᠠᠯᠵᠢᠬᠤ ᠠᠮᠢᠳᠤᠷᠠᠯ ᠢ ᠡᠳ᠋ᠯᠡᠭᠰᠡᠨ ᠪᠠᠶᠢᠨ᠎ᠠ᠃ ᠮᠦᠨ ᠳᠡᠷᠡ ᠴᠠᠭ ᠠᠴᠠ ᠡᠬᠢᠯᠡᠨ ︽ᠬᠢᠯᠢ ᠪᠠᠨ ᠬᠠᠮᠠᠭᠠᠯᠠᠬᠤ ᠨᠢ ᠳᠠᠷᠤᠢ ᠭᠡᠷ ᠢᠶᠠᠨ ᠬᠠᠮᠠᠭᠠᠯᠠᠵᠤ ᠪᠠᠶᠢᠭ᠎ᠠ ᠤᠴᠢᠷ︾ ᠭᠡᠰᠡᠨ ᠪᠤᠳᠤᠯ ᠤᠷᠤᠵᠤ᠂ ᠬᠠᠪᠤᠷᠵᠢᠶ᠎ᠠ ᠶᠢᠨ ᠬᠠᠵᠠᠭᠤᠳᠡᠬᠢ 1378 ᠬᠢᠯᠢ ᠶᠢᠨ ᠬᠦᠰᠢᠶ᠎ᠡ ᠠᠴᠠ 1381 ᠬᠢᠯᠢ ᠶᠢᠨ ᠬᠦᠰᠢᠶ᠎ᠡ ᠬᠦᠷᠳᠡᠯᠡᠬᠢ 25.928 ᠺᠢᠯᠥᠮᠤᠳ᠋ᠷ ᠤᠨ ᠬᠢᠯᠢ ᠶᠢᠨ ᠱᠤᠭᠤᠮ ᠢ ᠭᠠᠷᠠᠭ ᠪᠦᠷᠢ ᠬᠤᠶᠠᠷ ᠤᠳᠠᠭ᠎ᠠ ᠳᠤᠭᠤᠷᠢᠨ ᠪᠠᠶᠢᠴᠠᠭᠠᠵᠤ ᠶᠠᠪᠤᠳᠠᠭ ᠪᠤᠯᠪᠠ᠃      2019 ᠤᠨ ᠳᠤ᠂ ᠷᠠᠰᠢᠶᠠᠨ ᠬᠢᠯᠢ ᠶᠢᠨ ᠬᠠᠮᠢᠶᠠᠷᠤᠯᠳᠠ ᠶᠢᠨ ᠶᠡᠭᠡ ᠠᠩᠬᠢ ᠶᠢᠨ ᠬᠢᠨ ᠬᠢᠯᠢ ᠬᠢᠵᠠᠭᠠᠷ ᠤᠨ ᠬᠠᠮᠠᠭᠠᠯᠠᠬᠴᠢ ᠶᠢᠨ ᠡᠩᠨᠡᠭᠡ ᠶᠢ ᠪᠠᠶᠢᠭᠤᠯᠬᠤ ᠳᠤ᠂ ᠸᠠᠩ ᠢᠤᠢ ᠹᠠ ᠬᠠᠮᠤᠭ ᠳᠡᠷᠢᠬᠦᠨ ᠳᠤ ᠨᠡᠷ᠎ᠡ ᠮᠡᠳᠡᠬᠦᠯᠥᠨ᠂ ᠦᠡᠭᠭᠡ ᠬᠡᠷᠡᠯᠳᠡᠢ ᠪᠠᠷ ᠨᠢᠭᠡᠨ ᠬᠢᠯᠢ ᠬᠠᠮᠠᠭᠠᠯᠠᠭᠴᠢ ᠪᠤᠯᠪᠠ᠃ ︽ᠲᠠᠨᠥᠰ ᠬᠤᠷᠳᠥᠨ ᠬᠠᠷᠠᠭᠠᠷᠠᠢ︕ ᠴᠠᠰᠥᠨ ᠳᠤ ᠪᠤᠷᠤ ᠬᠦᠷᠥᠭᠡᠰᠥ ᠬᠦᠶᠥᠵᠤ ᠪᠠᠶᠢᠨ᠎ᠠ︕︾ ᠭᠡᠵᠦ ᠸᠠᠩ ᠢᠤᠢ ᠹᠠ ᠳᠡᠷᠭᠡᠨ ᠴᠤᠩᠬᠤ ᠶᠢ ᠨᠡᠭᠡᠭᠡᠵᠤ ᠮᠠᠨᠤᠰ ᠲᠤ ᠬᠡᠯᠡᠨ᠎ᠡ᠃ ᠳᠡᠷᠡ ᠪᠠᠰᠠ ︽ᠷᠠᠰᠢᠶᠠᠨ ᠤ ᠠᠮᠢ ᠠᠬᠤᠢ ᠶᠢᠨ ᠤᠷᠴᠢᠨ ᠳᠤᠭᠤᠷᠢᠨ ᠰᠠᠶᠢᠨ᠂ ᠭᠡᠭᠡᠷ᠎ᠡ ᠶᠢᠨ ᠠᠮᠢᠳᠠᠨ ᠤᠯᠠᠨ ᠪᠠᠶᠢᠨ᠎ᠠ᠂ ᠡ᠊ᠨᠡ ᠬᠡᠳᠥᠨ ᠵᠢᠯ᠂ ᠵᠡᠭᠡᠷ᠎ᠡ ᠶᠢ ᠠᠪᠤᠷᠠᠭᠰᠠᠨ᠂ ᠬᠠᠷ᠎ᠠ ᠪᠠᠭᠠᠪᠠᠭᠠᠢ ᠠᠴᠠ ᠳᠤᠳᠠᠭᠠᠭᠰᠠᠨ ᠵᠡᠷᠭᠡ ᠶᠠᠪᠤᠳᠠᠯ ᠤᠯᠠᠨ ᠳᠠᠭᠠᠷᠠᠯᠳᠤᠯ᠎ᠠ︾ ᠭᠡᠵᠤ ᠬᠢᠯᠢ ᠬᠢᠵᠠᠭᠠᠷ ᠢᠶᠠᠨ ᠬᠠᠮᠠᠭᠠᠯᠠᠬᠤ ᠳᠤᠮᠳᠠ ᠳᠤᠬᠢᠶᠠᠯᠳᠤᠭᠰᠠᠨ ᠤᠴᠠᠷᠠᠯ ᠢᠶᠠᠨ ᠮᠠᠨᠤᠰ ᠲᠤ ᠦᠯᠢᠭᠡᠷ ᠰᠢᠭ ᠭᠡᠯᠡᠵᠤ ᠦᠭᠬᠦᠯ᠎ᠠ᠃      ᠦᠷᠯᠥᠭᠡ ᠶᠢᠨ 7 ᠴᠠᠭ 30 ᠮᠢᠨᠦ᠋ᠲ ᠤᠨ ᠦᠶ᠎ᠡ ᠪᠠᠷ᠂ ᠮᠠᠨ ᠤ ᠳᠡᠷᠭᠡ ᠳᠤᠮᠳᠠᠳᠥ ᠮᠤᠩᠭᠤᠯ ᠬᠤᠶᠠᠷ ᠤᠯᠤᠰ ᠤᠨ ᠬᠢᠯᠢ ᠶᠢᠨ ᠬᠠᠮᠢᠶᠠᠷᠤᠯᠳᠠ ᠶᠢᠨ ᠤᠷᠤᠨ ᠳᠤ ᠬᠦᠷᠪᠡ᠂ ᠳᠡᠷᠭᠡ ᠪᠠᠭ᠎ᠠ ᠶᠠᠪᠤᠭᠠᠳ ᠵᠤᠭᠰᠤᠪᠠ᠂ ︽ᠬᠦᠷᠴᠢᠭᠡᠭᠰᠡᠨ ᠤᠤ︖︾ ᠭᠡᠵᠤ ᠰᠤᠷᠪᠤᠯᠵᠢᠯᠠᠭᠴᠢ ᠠᠰᠠᠭᠤᠬᠤ ᠳᠤ᠂ ᠸᠠᠩ ᠢᠤᠢ ᠹᠠ ᠢᠨᠢᠶᠡᠮᠰᠥᠭᠯᠡᠨ᠄ ︽ᠦᠬᠡᠢ᠂ ᠡᠮᠥᠨ᠎ᠡ ᠳᠠᠯ᠎ᠠ ᠳᠤ ᠴᠠᠰᠥ ᠨᠡᠯᠢᠶᠡᠳ ᠬᠦᠨ ᠬᠤᠷᠠᠵᠠᠢ᠂ ᠳᠡᠷᠭᠡ ᠤᠷᠤᠭᠰᠢᠯᠠᠵᠤ ᠳᠡᠶᠢᠯᠬᠦ ᠦᠬᠡᠢ᠂ ᠪᠢᠳᠡ ᠠᠯᠬᠤᠵᠤ ᠶᠠᠪᠤᠬᠤ ᠯᠡ ᠬᠡᠷᠡᠭᠳᠡᠢ ᠪᠤᠯᠵᠠᠢ᠂ ᠭᠡᠪᠡᠴᠤ ᠬᠤᠯᠠ ᠦᠬᠡᠢ᠂ 2 ᠺᠢᠯᠥᠮᠧᠲᠷ ᠵᠠᠶᠢᠳᠠᠢ︾ ᠭᠡᠵᠤ ᠬᠠᠷᠢᠭᠤᠯᠪᠠ᠃ ᠬᠦᠪᠡᠭᠡ ᠬᠢᠵᠠᠭᠠᠷ ᠨᠢ ᠬᠠᠷᠠᠭᠳᠠᠬᠤ ᠦᠬᠡᠢ ᠮᠦᠡᠭᠬᠦᠨ ᠴᠠᠭᠠᠨ ᠶᠢᠷᠳᠢᠨᠴᠤ ᠨᠢᠳᠥᠨ ᠡᠮᠥᠨ᠎ᠡ ᠳᠡᠯᠭᠡᠭᠳᠡᠪᠡ᠂ ᠴᠠᠰᠥᠨ ᠦᠵᠡᠮᠵᠢ ᠨᠡᠭᠡᠷᠡᠨ ᠭᠤᠶᠤ ᠪᠠᠶᠢᠨ᠎ᠠ ᠭᠡᠵᠤ ᠮᠠᠨ ᠤ ᠰᠤᠷᠪᠤᠯᠵᠢᠯᠠᠭᠴᠢ ᠨᠠᠷ ᠭᠠᠷ ᠤᠳᠠᠰᠥ ᠪᠠᠨ ᠭᠠᠷᠭᠠᠨ ᠰᠡᠬᠦᠳᠡᠷ ᠠᠪᠴᠤ ᠪᠠᠶᠢᠯ᠎ᠠ᠃ ᠬᠦᠢᠳᠡᠨ ᠤ ᠡᠷᠴᠢ ᠴᠢᠩᠭᠠᠷᠠᠵᠤ ᠶᠠᠰᠥᠨ ᠳᠤ ᠤᠷᠤᠳᠠᠯ᠎ᠠ ᠵᠢᠭᠡᠬᠦᠨ᠂ ᠨᠢᠭᠤᠷ ᠴᠢᠷᠠᠢ ᠶᠢ ᠬᠢᠳᠤᠭ᠎ᠠ ᠪᠠᠷ ᠵᠦᠰᠤᠵᠤ ᠪᠠᠶᠢᠭ᠎ᠠ ᠮᠡᠳᠥ ᠬᠥᠢᠳᠡᠨ ᠪᠠᠶᠢᠯ᠎ᠠ᠂ ᠮᠠᠨᠥᠰ ᠲᠠᠢ ᠬᠠᠮᠳᠥ ᠶᠠᠪᠤᠭ᠎ᠠ ᠬᠢᠯᠢ ᠬᠠᠮᠠᠭᠠᠯᠠᠭᠴᠢ ᠪᠤᠯᠤᠨ ᠴᠠᠭᠳᠠᠭ᠎ᠠ ᠨᠠᠷ ᠨᠤᠤᠰᠥᠨ ᠳᠡᠪᠡᠯ ᠢᠶᠠᠨ ᠮᠠᠨᠥᠰ ᠲᠤ ᠦᠭᠴᠤ ᠡᠮᠥᠰᠭᠡᠪᠡ᠂ ᠭᠠᠷ ᠳᠠᠭᠠᠷᠠᠭᠠᠳ ᠭᠠᠷ ᠤᠳᠠᠰᠥ᠂ ᠭᠡᠷᠡᠯ ᠵᠢᠷᠤᠭ ᠤᠨ ᠮᠠᠰᠢᠨ ᠢᠶᠠᠨ ᠠᠳᠬᠤᠵᠤ ᠳᠡᠶᠢᠯᠬᠦ ᠦᠬᠡᠢ ᠪᠤᠯᠪᠠ᠃      8 ᠴᠠᠭ 14 ᠮᠢᠨᠦ᠋ᠲ ᠲᠤ ᠭᠠᠷ ᠤᠳᠠᠰᠥ ᠪᠠᠨ ᠭᠠᠷᠭᠠᠵᠤ ᠦᠵᠡᠬᠦ ᠳᠤ᠂ ᠭᠠᠷ ᠤᠳᠠᠰᠥ ᠬᠦᠯᠳᠡᠬᠦ ᠰᠢᠬᠠᠵᠤ᠂ ᠭᠠᠳᠠᠭᠰᠢ ᠪᠠᠨ ᠤᠳᠠᠰᠥ ᠶᠠᠪᠤᠭᠤᠯᠵᠤ ᠳᠡᠶᠢᠯᠬᠦ ᠪᠠᠨ ᠪᠤᠯᠢᠪᠠ᠃ ᠰᠤᠷᠪᠤᠯᠵᠢᠯᠠᠭᠴᠢ ᠳᠡᠩᠭᠡᠭᠡ ᠠᠯᠳᠠᠨ᠂ ᠵᠤᠵᠠᠭᠠᠨ ᠴᠠᠰᠥᠨ ᠳᠤ ᠰᠠᠭᠤᠭᠠᠳ ᠪᠠᠭ᠎ᠠ ᠠᠮᠠᠷᠠᠰᠬᠢᠬᠦ ᠤᠤ ᠭᠡᠵᠤ ᠡᠷᠡᠭᠡᠯᠵᠡᠵᠤ ᠪᠠᠶᠢᠳᠠᠯ᠎ᠠ᠂ ᠸᠠᠩ ᠢᠤᠢ ᠹᠠ ᠮᠠᠨ ᠤ ᠬᠠᠵᠠᠭᠤ ᠳᠤ ᠢᠷᠡᠵᠤ᠄ ︽ᠤᠳᠥ ᠬᠠᠭᠠᠰ ᠴᠠᠭ ᠶᠠᠪᠤᠪᠠᠯ ᠪᠠᠷᠤᠭ ᠬᠦᠷᠴᠢᠭᠡᠨ᠎ᠡ᠂ ᠪᠢ ᠲᠠᠨᠥᠰ ᠲᠤ ᠵᠠᠮ ᠭᠠᠷᠭᠠᠵᠤ ᠦᠭᠬᠦᠶ᠎ᠡ︾ ᠭᠡᠵᠤ ᠬᠦᠷᠵᠡ ᠪᠠᠷ ᠢᠶᠠᠨ ᠵᠠᠮ ᠭᠠᠷᠭᠠᠬᠤ ᠶᠢᠨ ᠵᠠᠭᠤᠷ᠎ᠠ ᠮᠠᠨᠥᠰ ᠢ ᠵᠤᠷᠢᠭᠵᠢᠭᠤᠯᠵᠤ ᠶᠠᠷᠢᠯ᠎ᠠ᠃ ᠪᠦᠭᠰᠡ ᠳᠠᠪᠠᠮᠠᠷ ᠬᠦᠨ ᠴᠠᠰᠥᠨ ᠳᠤ ᠭᠤᠳᠤᠷᠢᠨ ᠠᠯᠬᠤᠬᠤ ᠭᠡᠵᠤ ᠦᠨᠡᠭᠡᠷ ᠶᠠᠳᠠᠷᠠᠨ᠎ᠠ᠂ ᠬᠦᠨ ᠨᠢᠭᠡ ᠠᠯᠬᠤᠮ ᠬᠥᠢᠭᠡᠨ ᠨᠢᠭᠡ ᠠᠯᠬᠤᠮ ᠭᠡᠵᠤ ᠶᠠᠪᠤᠭᠰᠠᠭᠠᠷ ᠸᠠᠩ ᠢᠤᠢ ᠹᠠ ᠶᠢᠨ ᠬᠠᠪᠤᠷᠵᠢᠶ᠎ᠠ ᠶᠢ ᠤᠯᠵᠤ ᠬᠠᠷᠠᠪᠠ᠃ ᠬᠦᠷᠢᠶᠡᠨ ᠳᠤᠮᠳᠠ ᠨᠢ ᠤᠯᠤᠰ ᠤᠨ ᠲᠤᠭ ᠰᠠᠯᠬᠢᠨ ᠤ ᠠᠶ᠎ᠠ ᠪᠠᠷ ᠨᠠᠮᠢᠷᠠᠨ᠂ ᠪᠢᠳᠡᠨ ᠤ ᠤᠷᠤᠭᠰᠢᠯᠠᠬᠤ ᠵᠤᠷᠢᠭ ᠢ ᠤᠯᠠᠮ ᠬᠦᠪᠴᠢᠯᠡᠪᠡ᠃      ᠸᠠᠩ ᠢᠤᠢ ᠹᠠ ᠶᠢᠨ ᠬᠠᠪᠤᠷᠵᠢᠶ᠎ᠠ ᠳᠤ ᠬᠦᠷᠥᠯ᠎ᠡ᠂ ᠴᠠᠭ ᠢᠶᠠᠨ ᠭᠠᠷᠭᠠᠵᠤ ᠦᠵᠡᠬᠦ ᠳᠤ᠂ ᠶᠠᠭ ᠰᠠᠶ᠋ᠢᠬᠠᠨ ᠦᠳᠡ ᠶᠢᠨ ᠡᠮᠥᠨᠡᠬᠢ 10 ᠴᠠᠭ᠃ ᠬᠤᠶᠠᠷ ᠺᠢᠯᠥᠮᠧᠲᠷ ᠦᠨᠡᠨᠳᠡᠭᠡᠨ ᠬᠤᠯᠠ ᠪᠢᠰᠢ᠂ ᠬᠡᠳᠡᠯ᠎ᠡ ᠬᠦᠯ ᠬᠦᠷᠥᠭᠡ ᠦᠬᠡᠢ ᠬᠦᠨ ᠴᠠᠰᠥᠨ ᠳᠤ 2 ᠴᠠᠭ ᠭᠠᠷᠤᠢ ᠠᠯᠬᠤᠪᠠ᠃ ᠸᠠᠩ ᠢᠤᠢ ᠹᠠ ᠶᠢᠨ ᠬᠠᠪᠤᠷᠵᠢᠶ᠎ᠠ ᠶᠢᠨ ᠭᠡᠷ ᠲᠤ ᠨᠢ ᠤᠷᠤᠵᠤ ᠦᠵᠡᠬᠦ ᠳᠤ᠂ ᠳᠡᠬᠦᠨ ᠤ 20 ᠭᠠᠷᠤᠢ ᠵᠢᠯ ᠤᠨ ᠳᠤᠷᠰᠢ ᠬᠢᠯᠢ ᠬᠢᠵᠠᠭᠠᠷ ᠢᠶᠠᠨ ᠰᠠᠬᠢᠨ ᠬᠠᠮᠠᠭᠠᠯᠠᠵᠤ ᠶᠠᠪᠤᠭᠰᠠᠨ ᠤᠯᠠ ᠮᠦᠷ ᠢ ᠨᠢ ᠳᠡᠮᠳᠡᠭᠯᠡᠭᠰᠡᠨ ᠬᠡᠷᠡᠯ ᠵᠢᠷᠤᠭ ᠤᠳ ᠪᠠ ᠦᠨᠡᠮᠯᠡᠯ ᠤᠨ ᠳᠡᠪᠳᠡᠷ ᠤᠳ ᠨᠢ ᠬᠡᠷᠡᠮ ᠲᠦᠬᠦᠷᠡᠩ ᠡᠯᠬᠦᠭᠡᠰᠥᠳᠡᠢ ᠪᠠᠶᠢᠯ᠎ᠠ᠃ ︽ᠬᠡᠥᠭᠡᠳ ᠡ᠂ ᠡ᠊ᠨᠳᠡ ᠰᠠᠭᠤᠭᠠᠷᠠᠢ︾ ᠭᠡᠳ ᠪᠤᠭᠴᠤᠨ ᠠᠴᠠ ᠪᠠᠨ ᠬᠤᠶᠠᠷ ᠤᠭᠤᠳᠠ ᠪᠤᠭᠤᠷᠰᠤᠭ ᠭᠠᠷᠭᠠᠵᠤ ᠰᠢᠷᠡᠭᠡᠨ ᠳᠡᠭᠡᠷ᠎ᠡ ᠪᠠᠨ ᠳᠠᠯᠪᠢᠪᠠ᠃ ᠠᠯᠬᠤᠭᠠᠳ ᠶᠠᠳᠠᠷᠠᠭᠰᠠᠨ ᠤ ᠶᠤᠮ ᠤᠤ᠂ ᠦᠨᠥ ᠪᠤᠭᠤᠷᠰᠤᠭ ᠨᠢ ᠮᠠᠰᠢ ᠠᠮᠳᠠᠳᠠᠢ ᠰᠠᠨᠠᠭᠳᠠᠪᠠ᠃ ᠵᠢᠭᠠᠬᠠᠨ ᠠᠮᠠᠷᠠᠭᠠᠳ ᠪᠢᠳᠡ ᠸᠠᠩ ᠢᠤᠢ ᠹᠠ ᠶᠢᠨ ᠭᠡᠷ ᠢ ᠨᠢ ᠳᠤᠭᠤᠷᠢᠨ ᠦᠵᠡᠯ᠎ᠡ᠃ ᠳᠡᠷᠡ ᠴᠤ ᠮᠠᠨᠥᠰ ᠲᠤ ᠳᠡᠯᠭᠡᠭᠳᠡᠨ ᠳᠠᠯᠪᠢᠭᠳᠠᠵᠤ ᠪᠠᠶᠢᠭ᠎ᠠ ︽ᠡᠷᠳᠡᠨ ᠤ ᠶᠠᠭᠤᠮ᠎ᠠ︾ ᠶᠢᠨ ᠢᠶᠠᠨ ᠳᠤᠬᠠᠢ ᠶᠠᠷᠢᠵᠤ ᠦᠭᠬᠦᠯ᠎ᠡ᠃ ᠳᠡᠷᠡ ᠬᠤᠯᠠ ᠶᠢᠨ ᠠᠭᠤᠯᠠ ᠶᠢ ᠵᠢᠭᠠᠴᠢᠬᠠᠭᠠᠳ᠄ ︽ᠡᠮᠥᠨ᠎ᠡ ᠬᠡᠳᠥᠨ ᠵᠢᠯ ᠪᠢ ᠠᠭᠤᠯᠠᠨ ᠳᠡᠭᠡᠷ᠎ᠡ ᠴᠢᠯᠠᠭᠤ ᠪᠠᠷ ︿ᠬᠢᠯᠢ ᠪᠠᠨ ᠬᠠᠶᠢᠷᠠᠯᠠᠨ᠂ ᠬᠢᠯᠢ ᠪᠠᠨ ᠬᠠᠮᠠᠭᠠᠯᠠᠨ᠂ ᠬᠢᠯᠢ ᠪᠠᠨ ᠰᠠᠬᠢᠵᠤ᠂ ᠬᠢᠯᠢ ᠬᠢᠵᠠᠭᠠᠷ ᠤᠷᠤᠨ ᠢᠶᠠᠨ ᠬᠦᠴᠥᠷᠭᠡᠭᠵᠢᠬᠦᠯᠬᠦ﹀ ᠭᠡᠰᠡᠨ ᠬᠡᠳᠥᠨ ᠦᠰᠥᠭ ᠢ ᠪᠤᠰᠬᠠᠵᠤ ᠳᠠᠯᠪᠢᠪᠠ᠃ ᠤᠳᠥ ᠲᠠᠨᠥᠰ ᠤᠯᠵᠤ ᠬᠠᠷᠠᠬᠤ ᠦᠬᠡᠢ ᠯᠠᠢ᠂ ᠪᠦᠷ ᠴᠠᠰᠥᠨ ᠳᠤ ᠬᠤᠴᠢᠭᠳᠠᠪᠠ ︾ ᠭᠡᠵᠤ ᠸᠠᠩ ᠢᠤᠢ ᠹᠠ ᠡᠭᠡᠯ ᠶᠡᠷᠥᠮᠳᠡᠭ ᠦᠭᠡ ᠪᠠᠷ ᠮᠠᠨᠥᠰ ᠲᠤ ᠬᠢᠯᠢ ᠬᠢᠵᠠᠭᠠᠷ ᠢᠶᠠᠨ ᠰᠠᠬᠢᠨ ᠬᠠᠮᠠᠭᠠᠯᠠᠭᠰᠠᠨ ᠦᠯᠢᠭᠡᠷ ᠢᠶᠠᠨ ᠬᠠᠭᠤᠴᠢᠯᠠᠵᠤ ᠦᠭᠬᠦᠯ᠎ᠡ᠃      ᠷᠠᠰᠢᠶᠠᠨ ᠤ ᠡᠪᠤᠯ ᠤᠨ ᠡᠳᠥᠷ ᠲᠤᠩ ᠤᠬᠤᠷ᠂ ᠪᠢᠳᠡ ᠸᠠᠩ ᠢᠤᠢ ᠹᠠ ᠶᠢᠨ ᠭᠡᠷ ᠲᠤ ᠨᠢ ᠳᠡᠮᠡᠢ ᠤᠳᠠᠭᠰᠠᠨ ᠦᠬᠡᠢ ᠂ ᠬᠡᠳᠥᠨ ᠬᠢᠯᠢ ᠬᠠᠮᠠᠭᠠᠯᠠᠭᠴᠢ ᠪᠤᠯᠤᠨ ᠠᠷᠠᠳ ᠤᠨ ᠴᠠᠭᠳᠠᠭ᠎ᠠ ᠶᠢᠨ ᠳᠠᠭᠠᠭᠤᠯᠭ᠎ᠠ ᠪᠠᠷ ᠬᠢᠯᠢ ᠬᠠᠮᠠᠭᠠᠯᠠᠬᠤ ᠪᠠᠷ ᠮᠤᠷᠳᠠᠯ᠎ᠠ᠃ ᠵᠠᠮ ᠳᠤ ᠪᠠᠨ ᠬᠢᠯᠢ ᠶᠢᠨ ᠱᠤᠭᠤᠮ ᠤᠨ ᠬᠠᠵᠠᠭᠤᠳᠡᠬᠢ ᠳᠡᠮᠥᠷ ᠳᠤᠤᠷ ᠤᠨ ᠡᠪᠳᠡᠷᠡᠭᠰᠡᠨ ᠡᠰᠡᠬᠦ ᠶᠢ ᠪᠠᠶᠢᠴᠠᠭᠠᠵᠤ ᠦᠵᠡᠯ᠎ᠡ᠂ ᠳᠤᠷᠠᠨ ᠢᠶᠠᠷ ᠬᠤᠯᠠ ᠶᠢ ᠬᠠᠷᠠᠵᠤ᠂ ᠬᠢᠯᠢ ᠶᠢᠨ ᠠᠮᠥᠷ ᠲᠦᠪᠰᠢᠨ ᠤ ᠪᠠᠶᠢᠳᠠᠯ ᠢ ᠠᠵᠢᠭᠯᠠᠵᠤ ᠦᠵᠡᠯ᠎ᠡ᠃ ᠦᠳᠡ ᠶᠢᠨ ᠬᠤᠭᠤᠯᠠ ᠶᠢᠨ ᠴᠠᠭ ᠳᠤᠯᠤᠯ᠎ᠠ᠃ ᠸᠠᠩ ᠢᠤᠢ ᠹᠠ ᠮᠠᠨ ᠢ ᠳᠠᠭᠠᠭᠤᠯᠥᠨ ᠴᠠᠰᠥ ᠬᠥᠢᠭᠡᠨ ᠰᠢᠭ ᠭᠠᠵᠠᠷ ᠡᠷᠢᠵᠤ ᠬᠠᠮᠳᠥ ᠳᠤ ᠪᠠᠨ ᠰᠠᠭᠤᠵᠤ ᠦᠳᠡ ᠶᠢᠨ ᠬᠤᠭᠤᠯᠠ ᠢᠳᠡᠯ᠎ᠡ᠃ ᠡᠪᠤᠷ ᠲᠤ ᠨᠢ ᠪᠠᠶᠢᠭᠰᠠᠨ ᠬᠡᠳᠥᠨ ᠪᠤᠷᠴᠠᠭ ᠲᠠᠢ ᠪᠤᠤᠪᠤ ᠨᠢ ᠪᠦᠯᠢᠶᠡᠨ ᠪᠠᠶᠢᠭᠰᠠᠭᠠᠷ᠂ ᠬᠡᠳᠥᠨ ᠬᠡᠰᠡᠭ ᠬᠠᠳᠠᠭᠠᠭᠰᠠᠨ ᠦᠭᠡᠷ ᠤᠨ ᠮᠢᠬ᠎ᠠ ᠶᠢᠨ ᠪᠤᠷᠴᠠ ᠪᠠ ᠤᠭᠤᠳᠠ ᠲᠠᠢ ᠳᠠᠪᠤᠰᠤᠯᠠᠭᠰᠠᠨ ᠨᠤᠭᠤᠭ᠎ᠠ ᠪᠠᠨ ᠭᠠᠷᠭᠠᠵᠤ᠂ ᠬᠠᠮᠳᠥ ᠳᠤ ᠪᠠᠨ ᠰᠤᠯᠠ ᠵᠤᠭᠤᠭ ᠶᠠᠷᠢᠯᠴᠠᠬᠤ ᠶᠢᠨ ᠳᠠᠭᠠᠥ ᠡ᠊ᠨᠡᠬᠦ ᠴᠠᠭ ᠤᠨ ᠤᠨᠴᠠᠭᠠᠢ ᠪᠦᠭᠡᠳ ᠮᠠᠷᠳᠠᠭᠳᠠᠰᠢ ᠦᠬᠡᠢ ᠬᠤᠭᠤᠯᠠ ᠪᠠᠨ ᠠᠮᠳᠠᠳᠠᠶᠢᠬᠠᠨ ᠢᠳᠡᠭᠰᠡᠨ᠃ ᠬᠤᠭᠤᠯᠠ ᠢᠳᠡᠬᠦ ᠵᠠᠭᠤᠷ᠎ᠠ᠂ ᠸᠠᠩ ᠢᠤᠢ ᠹᠠ ᠮᠠᠨᠥᠰ ᠲᠤ ᠬᠢᠯᠢ ᠬᠠᠮᠠᠭᠠᠯᠠᠭᠰᠠᠨ ᠡᠴᠢᠨᠡᠭᠡᠨ ᠵᠢᠯ ᠤᠨ ᠳᠤᠷᠰᠢ᠂ 80 ᠰᠢᠬᠠᠮ ᠭᠡᠭᠡᠷ᠎ᠡ ᠶᠢᠨ ᠠᠮᠢᠳᠠᠨ ᠠᠪᠤᠷᠠᠭᠰᠠᠨ ᠵᠢᠴᠢ ᠬᠢᠯᠢ ᠠᠯᠤᠰᠯᠠᠨ ᠳᠤᠳᠠᠭᠠᠬᠤ ᠪᠠᠷ ᠪᠠᠶᠢᠭᠰᠠᠨ ᠬᠡᠷᠡᠭ ᠤᠨ ᠰᠡᠵᠢᠭᠳᠡᠨ ᠢ ᠰᠡᠷᠡᠵᠤ ᠮᠡᠳᠡᠨ ᠳᠡᠭᠡᠭᠰᠢ ᠮᠡᠳᠡᠬᠦᠯᠥᠭᠰᠡᠨ ᠵᠡᠷᠭᠡ ᠦᠯᠢᠭᠡᠷ ᠤᠳ ᠢᠶᠠᠨ ᠶᠠᠷᠢᠵᠤ ᠦᠭᠬᠦᠯ᠎ᠡ᠃ ᠬᠢᠯᠢ ᠬᠠᠮᠠᠭᠠᠯᠠᠬᠤ ᠠᠵᠢᠯ ᠳᠤ ᠤᠯᠠᠨᠳᠠ ᠬᠤᠪᠢ ᠨᠡᠮᠡᠷᠢ ᠦᠵᠡᠬᠦᠯᠥᠭᠰᠡᠨ ᠲᠤᠯᠠ᠂ ᠤᠷᠢᠳ ᠬᠤᠵᠢᠳ ᠦᠪᠤᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ︽ᠰᠢᠯᠢᠳᠡᠭ ᠬᠢᠯᠢ ᠶᠢᠨ ᠠᠷᠠᠳ︾᠂ ᠬᠢᠨᠭ᠍ᠭᠠᠨ ᠠᠶᠢᠮᠠᠭ ᠤᠨ ︽ᠠᠷᠪᠠᠨ ᠰᠢᠯᠢᠳᠡᠭ ᠬᠢᠯᠢ ᠬᠠᠮᠠᠭᠠᠯᠠᠭᠴᠢ︾ ︽ᠳᠤᠮᠳᠠᠳᠥ ᠤᠯᠤᠰ ᠤᠨ ᠰᠦᠯᠵᠢᠶᠡᠨ ᠦᠯᠢᠭᠡᠷ ᠢ ᠶᠠᠷᠢᠬᠤ · ᠦᠪᠤᠷ ᠮᠤᠩᠭᠤᠯ ᠢ ᠳᠤᠭᠳᠤᠯᠤᠭᠤᠯᠤᠭᠰᠠᠨ︾ 2023 ᠤᠨ ᠤ ᠠᠷᠪᠠᠨ ᠶᠡᠭᠡ ᠰᠦᠯᠵᠢᠶᠡᠨ ᠤᠳᠥᠨ ᠢᠶᠠᠷ ᠬᠦᠬᠢᠬᠦᠯᠥᠭᠳᠡᠪᠡ᠃      ᠳᠡᠭᠷᠢ ᠬᠠᠷᠠᠩᠭᠤᠶᠢᠯᠠᠪᠠ᠂ ᠪᠢᠳᠡ ᠬᠢᠯᠢ ᠬᠠᠮᠠᠭᠠᠯᠠᠭᠴᠢ ᠨᠠᠷ ᠢ ᠳᠠᠭᠠᠵᠤ ᠨᠢᠭᠡ ᠡᠳᠥᠷ ᠤᠨ ᠬᠢᠯᠢ ᠬᠠᠮᠠᠭᠠᠯᠠᠬᠤ ᠠᠵᠢᠯ ᠢᠶᠠᠨ ᠳᠡᠬᠦᠰᠭᠡᠪᠡ᠃ ᠸᠠᠩ ᠢᠤᠢ ᠹᠠ ᠮᠠᠨᠥᠰ ᠢ ᠳᠡᠷᠭᠡᠨ ᠳᠤ ᠭᠠᠷᠭᠠᠵᠤ ᠦᠪᠡᠷ ᠤᠨ ᠢᠶᠠᠨ ᠳᠡᠷᠭᠡᠨ ᠵᠦᠭ ᠢᠶᠠᠨ ᠶᠠᠪᠤᠬᠤ ᠦᠶ᠎ᠡ ᠳᠤ ᠳᠦᠨᠳᠥᠷ ᠮᠦᠨᠳᠥᠷ ᠠᠯᠬᠤᠵᠤ ᠪᠠᠶᠢᠯ᠎ᠠ᠃ ᠮᠠᠨᠥᠰ ᠲᠠᠢ ᠬᠠᠮᠳᠥ ᠶᠠᠪᠤᠭ᠎ᠠ ᠬᠢᠯᠢ ᠬᠠᠮᠠᠭᠠᠯᠠᠭᠴᠢ ᠶᠢᠨ ᠬᠡᠯᠡᠬᠦ ᠪᠠᠷ᠂ ᠸᠠᠩ ᠢᠤᠢ ᠹᠠ ᠬᠡᠳᠥᠨ ᠵᠢᠯ ᠤᠨ ᠡᠮᠥᠨ᠎ᠡ 2 ᠤᠳᠠᠭᠠᠨ ᠤ ᠵᠢᠷᠥᠭᠡᠨ ᠤ ᠮᠡᠰᠡ ᠵᠠᠰᠠᠯ ᠬᠢᠯᠭᠡᠪᠡ ᠭᠡᠨ᠎ᠡ᠂ ᠬᠠᠮᠳᠥ ᠠᠵᠢᠯᠳᠠᠳ ᠨᠢ ᠳᠡᠬᠦᠨ ᠢ ᠬᠢᠯᠢ ᠬᠠᠮᠠᠭᠠᠯᠠᠬᠤ ᠠᠵᠢᠯ ᠢᠶᠠᠨ ᠬᠠᠶᠠᠵᠤ᠂ ᠭᠡᠷ ᠲᠤ ᠪᠠᠨ ᠰᠠᠭᠤᠵᠤ ᠪᠡᠶ᠎ᠡ ᠪᠠᠨ ᠰᠠᠶᠢᠳᠥᠷ ᠰᠤᠪᠢᠯᠠᠴᠢᠬ᠎ᠠ ᠭᠡᠵᠤ ᠢᠳᠬᠠᠬᠤ ᠳᠤ᠂ ᠳᠡᠷᠡ ᠶᠡᠷᠥᠨᠢ ᠰᠡᠳᠬᠢᠯ ᠰᠢᠭᠤᠳᠴᠤ᠂ ᠬᠦᠳᠡᠯᠵᠤ ᠪᠠᠷᠢᠵᠤ ᠳᠡᠶᠢᠯᠬᠦ ᠦᠬᠡᠢ ᠪᠤᠯᠳᠠᠯ᠎ᠠ ᠬᠢᠯᠢ ᠬᠢᠵᠠᠭᠠᠷ ᠢᠶᠠᠨ ᠰᠠᠬᠢᠨ ᠬᠠᠮᠠᠭᠠᠯᠠᠨ᠎ᠠ ᠭᠡᠪᠡ᠃      ᠠᠮᠥᠷ ᠠᠮᠥᠭᠤᠯᠠᠩ ᠬᠢᠯᠢ ᠬᠢᠵᠠᠭᠠᠷ ᠤᠨ ᠪᠦᠳᠥᠭᠡᠨ ᠪᠠᠶᠢᠭᠤᠯᠤᠯᠳᠠ ᠨᠢ ᠨᠢᠭᠡ ᠳᠠᠯ᠎ᠠ ᠪᠠᠷ ᠬᠢᠯᠢ ᠶᠢᠨ ᠠᠷᠠᠳ ᠤᠨ ᠰᠠᠶᠢᠨ ᠰᠠᠶᠢᠬᠠᠨ ᠠᠮᠢᠳᠤᠷᠠᠯ ᠲᠠᠢ ᠬᠤᠯᠪᠤᠭᠳᠠᠵᠤ᠂ ᠨᠦᠬᠦᠭᠡ ᠳᠠᠯ᠎ᠠ ᠪᠠᠷ ᠴᠢᠨᠠᠷ ᠰᠠᠶᠢᠳᠠᠢ ᠬᠦᠭᠵᠢᠯᠳᠡ ᠲᠠᠢ ᠬᠤᠯᠪᠤᠭᠳᠠᠵᠤ ᠪᠠᠶᠢᠳᠠᠭ᠃ ᠬᠢᠨᠭ᠍ᠭᠠᠨ ᠠᠶᠢᠮᠠᠭ ᠤᠨ 130.283 ᠺᠢᠯᠥᠮᠧᠲᠷ ᠤᠷᠳᠥ ᠬᠢᠯᠢ ᠶᠢᠨ ᠱᠤᠭᠤᠮ ᠳᠡᠭᠡᠷ᠎ᠡ᠂ ᠸᠠᠩ ᠢᠤᠢ ᠹᠠ ᠮᠡᠳᠥ ᠶᠢᠨ ᠠᠵᠢᠯ ᠳᠤ ᠪᠠᠨ ᠬᠠᠷᠢᠭᠤᠴᠠᠯᠭ᠎ᠠ ᠲᠠᠢ᠂ ᠡᠭᠡ ᠤᠷᠤᠨᠴᠢ ᠦᠵᠡᠯ ᠲᠠᠢ ᠬᠢᠯᠢ ᠬᠠᠮᠠᠭᠠᠯᠠᠭᠴᠢ ᠪᠠᠰᠠ ᠮᠠᠰᠢ ᠤᠯᠠᠨ ᠪᠤᠢ᠃ ᠳᠡᠳᠡ ᠡᠪᠤᠯ ᠤᠨ ᠳᠡᠰᠬᠢᠮ᠎ᠡ ᠬᠥᠢᠳᠡᠨ ᠪᠠ ᠵᠤᠨ ᠤ ᠠᠭᠠᠬᠢᠮ᠎ᠡ ᠬᠠᠯᠠᠭᠤᠨ ᠢ ᠬᠠᠶᠢᠬᠤᠷᠤᠯ ᠦᠬᠡᠢ ᠪᠠᠷ ᠬᠢᠯᠢ ᠶᠢᠨ ᠱᠤᠭᠤᠮ ᠢᠶᠠᠨ ᠪᠠᠳᠤ ᠰᠠᠬᠢᠵᠤ᠂ ᠠᠮᠢ ᠨᠠᠰᠥ ᠪᠠᠨ ᠬᠠᠶᠢᠷᠠᠯᠠᠵᠤ ᠪᠠᠶᠢᠭ᠎ᠠ ᠰᠢᠭ ᠢᠶᠠᠷ ᠬᠢᠯᠢ ᠪᠠᠨ ᠬᠠᠮᠠᠭᠠᠯᠠᠵᠤ ᠪᠠᠶᠢᠳᠠᠭ᠃      ᠠᠷᠢᠭᠤᠨ ᠳᠠᠷᠬᠠᠨ ᠨᠤᠳᠤᠭ ᠳᠡᠪᠢᠰᠭᠡᠷ ᠤᠨ ᠰᠠᠬᠢᠨ ᠬᠠᠮᠠᠭᠠᠯᠠᠭᠴᠢ᠂ ᠵᠤᠯ ᠵᠢᠷᠭᠠᠯᠳᠥ ᠭᠡᠷ ᠤᠷᠤᠨ ᠤ ᠪᠦᠳᠥᠭᠡᠨ ᠪᠠᠶᠢᠭᠤᠯᠤᠭᠴᠢ ᠪᠤᠯᠤᠭᠰᠠᠨ ᠬᠢᠨᠭ᠍ᠭᠠᠨ ᠨᠤᠳᠤᠭ ᠤᠨ ᠦᠨᠳᠥᠰᠥᠳᠡᠨ ᠨᠦᠭᠦᠳ ᠤᠨ ᠤᠯᠠᠨ ᠲᠦᠮᠡᠨ ᠬᠠᠮᠳᠥ ᠪᠠᠷ ᠬᠢᠯᠢ ᠬᠢᠵᠠᠭᠠᠷ ᠢᠶᠠᠨ ᠰᠠᠬᠢᠨ ᠬᠠᠮᠠᠭᠠᠯᠠᠵᠤ᠂ ᠤᠯᠤᠰ ᠢᠶᠠᠨ ᠬᠠᠮᠠᠭᠠᠯᠠᠵᠤ ᠬᠢᠯᠢ ᠪᠠᠨ ᠰᠠᠬᠢᠬᠤ ᠪᠤᠯᠤᠳ ᠬᠡᠷᠡᠮ ᠢ ᠴᠢᠷᠮᠠᠶᠢᠨ ᠴᠤᠭᠴᠠᠯᠠᠵᠤ᠂ ᠡᠭᠡ ᠤᠯᠤᠰ ᠤᠨ ᠤᠮᠠᠷᠠᠳᠥ ᠬᠢᠯᠢ ᠶᠢᠨ ᠠᠮᠥᠷ ᠲᠦᠪᠰᠢᠨ ᠤ ᠬᠠᠯᠬᠠᠪᠴᠢ ᠶᠢ ᠪᠠᠳᠥ ᠴᠤᠭᠴᠠᠯᠠᠬᠤ ᠳᠤ ᠳᠠᠬᠢᠨ ᠰᠢᠨ᠎ᠡ ᠭᠠᠪᠢᠶ᠎ᠠ ᠪᠠᠶᠢᠭᠤᠯᠬᠤ ᠨᠢ ᠯᠠᠪᠳᠠᠢ ᠶᠤᠮ᠃
 
ᠢᠷᠡᠯᠲᠡ᠄ ᠬᠢᠩᠭᠠᠨ ᠤ ᠡᠳᠤᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号