ᠦᠵᠡᠰᠬᠦᠯᠡᠩᠳᠦ ᠰᠠᠶᠢᠬᠠᠨ ᠬᠦᠳᠡᠭᠡ ᠲᠤᠰᠬᠤᠨ ᠢᠶᠠᠨ ᠪᠦᠳᠦᠭᠡᠨ ᠪᠠᠶᠢᠭᠤᠯᠤᠨ᠎ᠠ
ᠨᠡᠶᠢᠲᠡᠯᠡᠭᠰᠡᠨ ᠴᠠᠭ᠄
2024/8/6
     ᠲᠡᠯᠭᠡᠷ ᠰᠠᠶᠢᠬᠠᠨ ᠵᠤᠨ ᠤ ᠤᠯᠠᠷᠢᠯ ᠪᠤᠯᠬᠤ ᠳᠤ ᠬᠢᠩᠭᠠᠨ ᠠᠶᠢᠮᠠᠭ ᠬᠠᠮᠤᠭ ᠭᠤᠶᠤ ᠰᠠᠶᠢᠬᠠᠨ ᠦᠩᠭᠡ ᠦᠵᠡᠮᠵᠢ ᠪᠠᠨ ᠤᠭᠳᠤᠨ ᠠᠪᠴᠢᠷᠠᠵᠦ᠂ ᠠᠭᠤᠳᠠᠮ ᠲᠠᠯ᠎ᠠ ᠪᠠᠷ ᠨᠢ ᠵᠦᠢᠯᠡᠰ ᠤᠨ ᠴᠡᠴᠡᠭ ᠪᠠᠳᠠᠷᠠᠨ ᠲᠡᠯᠭᠡᠷᠡᠵᠦ᠂ ᠠᠭᠤᠯᠠ ᠬᠠᠶᠢᠷᠬᠠᠨ ᠨᠢ ᠬᠦᠨᠳᠡᠭᠳᠡᠭᠡ ᠦᠭᠡᠢ ᠤᠩᠭᠤᠨ ᠲᠠᠷᠬᠠᠨ ᠬᠡᠪ ᠢᠶᠠᠷ ᠢᠶᠠᠨ ᠰᠦᠨᠳᠡᠷᠯᠡᠵᠦ᠂ ᠤᠰᠤ ᠭᠤᠤᠯ ᠨᠢ ᠪᠤᠬᠢᠷᠳᠤᠭ᠎ᠠ ᠦᠭᠡᠢ ᠠᠷᠢᠭᠤᠨ ᠲᠤᠩᠭᠠᠯᠠᠭ ᠢᠶᠠᠷ ᠴᠠᠯᠬᠢᠯᠠᠨ ᠤᠷᠤᠰᠤᠨ᠎ᠠ᠃ ᠡᠨᠡᠬᠦ ᠦᠵᠡᠰᠬᠦᠯᠡᠩᠳᠦ ᠰᠠᠶᠢᠬᠠᠨ ᠦᠩᠭᠡ ᠦᠵᠡᠮᠵᠢ ᠲᠠᠢ ᠵᠤᠬᠢᠴᠠᠯᠳᠤᠭᠰᠠᠨ ᠨᠢ ᠬᠢᠩᠭᠠᠨ ᠠᠶᠢᠮᠠᠭ ᠤᠨ ᠮᠠᠯᠵᠢᠬᠤ ᠲᠠᠷᠢᠶᠠᠯᠠᠬᠤ ᠤᠷᠤᠨ ᠤ ᠬᠦᠮᠦᠰ ᠤᠨ ᠤᠷᠤᠰᠢᠨ ᠰᠠᠭᠤᠬᠤ ᠤᠷᠴᠢᠨ ᠲᠤᠭᠤᠷᠢᠨ ᠤ ᠲᠠᠰᠤᠷᠠᠯᠳᠠ ᠦᠭᠡᠢ ᠰᠠᠶᠢᠵᠢᠷᠠᠯᠳᠠ᠂ ᠰᠠᠭᠤᠭᠠᠯᠢ ᠠᠷᠠᠳ ᠤᠨ ᠵᠤᠯ ᠵᠢᠷᠭᠠᠯ ᠤᠨ ᠵᠢᠭᠠᠯᠳᠠ ᠲᠤᠭ᠎ᠠ ᠶᠢᠨ ᠲᠠᠰᠤᠷᠠᠯᠳᠠ ᠦᠭᠡᠢ ᠲᠡᠭᠡᠭᠰᠢᠯᠡᠯᠳᠡ ᠪᠤᠯᠤᠨ᠎ᠠ᠃      ᠤᠢᠢᠷ᠎ᠠ ᠶᠢᠨ ᠵᠢᠯ ᠠᠴᠠ ᠨᠠᠭᠠᠰᠢ᠂ ᠬᠢᠩᠭᠠᠨ ᠠᠶᠢᠮᠠᠭ ᠤᠨ ᠣᠷᠣᠨ ᠰᠠᠭᠤᠴᠠ ᠪᠠ ᠬᠤᠲᠠ ᠬᠥᠳᠡᠭᠡ ᠶᠢᠨ ᠪᠦᠲᠦᠭᠡᠨ ᠪᠠᠶᠢᠭᠤᠯᠤᠯᠲᠠ ᠶᠢᠨ ᠲᠤᠪᠴᠢᠶ᠎ᠠ ᠬᠦᠳᠡᠭᠡ ᠲᠤᠰᠬᠤᠨ ᠤ ᠤᠷᠴᠢᠨ ᠲᠤᠭᠤᠷᠢᠨ ᠤ ᠠᠰᠠᠭᠤᠳᠠᠯ ᠢ ᠴᠢᠬᠤᠯᠠᠴᠢᠯᠠᠨ᠂ ᠲᠤᠨᠤᠭ ᠲᠦᠬᠦᠭᠡᠷᠦᠮᠵᠢ ᠶᠢᠨ ᠲᠤᠳᠠᠭᠤᠳᠠᠯ ᠢ ᠨᠦᠬᠦᠪᠦᠷᠢᠯᠡᠬᠦ᠂ ᠤᠷᠳᠦ ᠬᠤᠭᠤᠴᠠᠭᠠᠨ ᠤ ᠪᠦᠳᠦᠮᠵᠢᠳᠡᠢ ᠲᠤᠭᠳᠠᠴᠠ ᠶᠢ ᠪᠠᠶᠢᠭᠤᠯᠬᠤ ᠪᠠᠷ ᠭᠤᠤᠯᠳᠠᠯᠭ᠎ᠠ ᠪᠤᠯᠭᠠᠵᠦ᠂ ᠬᠤᠰᠢᠭᠤ ᠰᠢᠶᠠᠨ᠂ ᠰᠢᠶᠠᠩ ᠪᠠᠯᠭᠠᠰᠦ ᠪᠠ ᠭᠠᠴᠠᠭ᠎ᠠ ᠲᠤᠰᠬᠤᠨ ᠭᠤᠷᠪᠠᠨ ᠱᠠᠳᠤᠨ ᠤ ᠠᠮᠢᠳᠤᠷᠠᠯ ᠤᠨ ᠬᠤᠭ ᠨᠤᠪᠰᠢ ᠶᠢ ᠰᠶᠢᠳᠪᠦᠷᠢᠯᠡᠬᠦ ᠰᠢᠰᠲ᠋ᠧᠮ ᠤᠨ ᠪᠠᠶᠢᠭᠤᠯᠤᠯᠳᠠ ᠪᠠ ᠪᠠᠶᠢᠭᠤᠯᠤᠮᠵᠢᠳᠦ ᠪᠠᠯᠭᠠᠰᠤ ᠶᠢᠨ ᠠᠮᠢᠳᠤᠷᠠᠯ ᠤᠨ ᠪᠣᠬᠢᠷ ᠤᠰᠤ ᠶᠢ ᠰᠶᠢᠳᠪᠦᠷᠢᠯᠡᠬᠦ ᠲᠦᠬᠦᠭᠡᠷᠦᠮᠵᠢ ᠶᠢᠨ ᠪᠠᠶᠢᠭᠤᠯᠤᠯᠳᠠ ᠶᠢ ᠡᠮᠬᠢ ᠵᠢᠷᠤᠮ ᠲᠠᠢ ᠠᠬᠢᠭᠤᠯᠪᠠ᠃      ᠪᠥᠬᠦ ᠠᠶᠢᠮᠠᠭ ᠤᠨ ᠣᠷᠣᠨ ᠰᠠᠭᠤᠴᠠ ᠪᠠ ᠬᠤᠲᠠ ᠬᠥᠳᠡᠭᠡ ᠶᠢᠨ ᠪᠥᠲᠥᠭᠡᠨ ᠪᠠᠶᠢᠭᠤᠯᠤᠯᠲᠠ ᠶᠢᠨ ᠰᠠᠯᠠᠭ᠎ᠠ ᠮᠥᠴᠢᠷ ᠤᠨ ᠴᠢᠷᠮᠠᠶᠢᠯᠭ᠎ᠠ ᠪᠠᠷ ᠤᠳᠤᠬᠠᠨ ᠪᠤᠯᠳᠠᠯ᠎ᠠ ᠬᠢᠩᠭᠠᠨ ᠠᠶᠢᠮᠠᠭ ᠤᠨ ᠮᠠᠯᠵᠢᠬᠤ ᠲᠠᠷᠢᠶᠠᠯᠠᠬᠤ ᠤᠷᠤᠨ ᠤ ᠠᠮᠢᠳᠤᠷᠠᠯ ᠤᠨ ᠬᠤᠭ ᠨᠤᠪᠰᠢ ᠶᠢ ᠰᠶᠢᠳᠪᠦᠷᠢᠯᠡᠬᠦ ᠰᠢᠰᠲ᠋ᠧᠮ ᠨᠢ 802 ᠭᠠᠴᠠᠭ᠎ᠠ ᠲᠤᠰᠬᠤᠨ ᠢ ᠬᠠᠮᠤᠷᠴᠦ᠂ 94.4% ᠶᠢ ᠡᠵᠡᠯᠡᠪᠡ︔ ᠪᠦᠬᠦ ᠠᠶᠢᠮᠠᠭ ᠤᠨ 33 ᠪᠠᠶᠢᠭᠤᠯᠤᠮᠵᠢᠳᠦ ᠪᠠᠯᠭᠠᠰᠦ ᠶᠢᠨ ᠲᠤᠮᠳᠠᠬᠢ 13 ᠪᠠᠯᠭᠠᠰᠦ ᠨᠢ ᠨᠢᠭᠡᠨᠳᠡ ᠠᠮᠢᠳᠤᠷᠠᠯ ᠤᠨ ᠪᠤᠬᠢᠷ ᠤᠰᠤ ᠶᠢ ᠰᠶᠢᠳᠪᠦᠷᠢᠯᠡᠬᠦ ᠲᠦᠬᠦᠭᠡᠷᠦᠮᠵᠢ ᠲᠠᠢ ᠪᠤᠯᠪᠠ᠃      ᠪᠣᠯᠪᠠᠰᠤᠨ ᠬᠥᠳᠡᠭᠡ ᠲᠣᠰᠬᠤᠨ ᠢ ᠬᠠᠮᠳᠦᠪᠡᠷ ᠪᠦᠳᠦᠭᠡᠨ ᠪᠠᠶᠢᠭᠤᠯᠤᠨ᠎ᠠ      ︽ᠲᠠ ᠨᠠᠷ ᠮᠢᠨᠦ ᠬᠡᠯᠡᠬᠦ ᠶᠢ ᠰᠣᠨᠣᠰᠤᠭᠠᠷᠠᠢ᠂ ᠬᠤᠭ ᠨᠣᠪᠰᠢ ᠶᠢ ᠲᠦᠷᠦᠯ ᠬᠤᠪᠢᠶᠠᠬᠤ ᠰᠠᠶᠢᠨ ᠲᠠᠯ᠎ᠠ ᠤᠯᠠᠨ᠂ ᠲᠦᠷᠦᠯ ᠬᠤᠪᠢᠶᠠᠬᠤ ᠮᠡᠳᠡᠯᠭᠡ ᠶᠢ ᠰᠠᠶᠢᠲᠤᠷ ᠰᠤᠷᠬᠤ ᠬᠡᠷᠡᠭᠲᠡᠢ ᠁︾ ᠤᠢᠢᠷ᠎ᠠ ᠳᠤ᠂ ᠲᠦᠴᠢᠦᠸᠠᠨ ᠰᠢᠶᠠᠨ ᠤ ᠲᠦᠴᠢᠦᠸᠠᠨ ᠪᠠᠯᠭᠠᠰᠤᠨ ᠤ ᠴᠢᠶᠠᠨ ᠶᠢᠨ ᠲᠣᠰᠬᠤᠨ ᠳᠤ ᠶᠠᠪᠤᠭᠳᠠᠭᠰᠠᠨ ᠤᠷᠠᠨ ᠰᠠᠶᠢᠬᠠᠨ ᠤ ᠲᠤᠭᠯᠠᠯᠳᠠ ᠶᠢᠨ ᠲᠤᠮᠳᠠᠬᠢ ︽ᠬᠤᠭ ᠨᠣᠪᠰᠢ ᠶᠢ ᠲᠦᠷᠦᠯ ᠬᠤᠪᠢᠶᠠᠬᠤ ᠰᠠᠶᠢᠨ ᠲᠠᠯ᠎ᠠ ᠤᠯᠠᠨ︾ ᠭᠡᠬᠦ ᠱᠤᠭ ᠵᠦᠴᠦᠭᠡ ᠨᠢ ᠲᠣᠰᠬᠤᠨ ᠤ ᠠᠷᠠᠳ ᠤᠨ ᠰᠠᠶᠢᠨ ᠦᠨᠡᠯᠡᠯᠲᠡ ᠶᠢ ᠣᠯᠵᠤ᠂ ᠦᠷᠭᠡᠨ ᠤᠯᠠᠨ ᠲᠦᠮᠡᠨ ᠤ ᠬᠤᠭ ᠨᠣᠪᠰᠢ ᠶᠢ ᠲᠦᠷᠦᠯ ᠬᠤᠪᠢᠶᠠᠬᠤ ᠤᠬᠠᠮᠰᠠᠷ ᠢ ᠤᠯᠠᠮ ᠢᠶᠠᠷ ᠲᠡᠭᠡᠭᠰᠢᠯᠡᠬᠦᠯᠪᠡ᠃      ᠴᠢᠶᠠᠨ ᠶᠢᠨ ᠳᠤᠰᠬᠤᠨ ᠰᠦᠯᠵᠢᠶᠡᠨ ᠲᠡᠭᠡᠷ᠎ᠠ ᠸᠢᠴᠠᠲ ᠤᠨ ᠴᠤᠭᠯᠠᠷᠠᠯ ᠢᠶᠠᠷ ᠤᠬᠠᠭᠤᠯᠬᠤ᠂ ᠰᠦᠯᠵᠢᠶᠡᠨ ᠠᠴᠠ ᠭᠠᠳᠠᠨ᠎ᠠ ᠡᠷᠦᠭᠡ ᠳᠤ ᠤᠷᠤᠵᠦ ᠤᠬᠠᠭᠤᠯᠤᠨ ᠳᠠᠶᠢᠴᠢᠯᠠᠬᠤ᠂ ᠨᠡᠬᠦᠳᠡᠯ ᠤᠬᠠᠭᠤᠯᠭ᠎ᠠ ᠶᠢᠨ ᠲᠡᠷᠭᠡ ᠪᠠᠷ ᠤᠬᠠᠭᠤᠯᠬᠤ᠂ ᠪᠢᠴᠢᠭᠡᠰᠦ ᠡᠯᠬᠦᠬᠦ ᠵᠡᠷᠭᠡ ᠠᠷᠭ᠎ᠠ ᠮᠠᠶ᠋ᠢᠭ ᠢ ᠬᠦᠢᠴᠡᠳ ᠠᠰᠢᠭᠯᠠᠨ ᠭᠠᠴᠠᠭ᠎ᠠ ᠲᠤᠰᠬᠤᠨ ᠤ ᠠᠷᠠᠳ ᠢ ᠵᠢᠯᠤᠭᠤᠳᠤᠨ ᠬᠤᠭ ᠨᠤᠪᠰᠢ ᠶᠢ ᠲᠦᠷᠦᠯ ᠬᠤᠪᠢᠶᠠᠬᠤ ᠠᠵᠢᠯ ᠢ ᠠᠬᠢᠭᠤᠯᠵᠠᠢ᠃      ᠬᠤᠭ ᠨᠣᠪᠰᠢ ᠶᠢ ᠲᠦᠷᠦᠯ ᠬᠤᠪᠢᠶᠠᠬᠤ ᠳᠠᠯ᠎ᠠ ᠪᠠᠷ ᠵᠢᠱᠢᠶ᠎ᠡ ᠦᠵᠡᠬᠦᠯᠬᠦ ᠲᠤᠰᠬᠤᠨ ᠪᠤᠯᠬᠤ ᠲᠦᠴᠢᠤᠸᠠᠨ ᠰᠢᠶᠠᠨ ᠤ ᠯᠢᠦ ᠬᠤ᠋ ᠪᠠᠯᠭᠠᠰᠦ ᠶᠢᠨ ᠵᠢᠤᠢ ᠰᠢᠩ ᠲᠤᠰᠬᠤᠨ ᠪᠠᠰᠠ ᠬᠤᠭ ᠨᠤᠪᠰᠢ ᠶᠢ ᠲᠦᠷᠦᠯ ᠬᠤᠪᠢᠶᠠᠬᠤ ᠠᠵᠢᠯ ᠢ ︽ᠬᠤᠪᠢ ᠬᠤᠷᠠᠮᠳᠤᠭᠤᠯᠬᠤ︾ ᠲᠦᠷᠢᠮ ᠲᠠᠢ ᠤᠶᠠᠯᠳᠤᠭᠤᠯᠵᠦ᠂ ᠲᠤᠰᠬᠤᠨ ᠤ ᠠᠷᠠᠳ ᠤᠨ ᠣᠷᠴᠢᠨ ᠲᠣᠭᠤᠷᠢᠨ ᠢᠶᠠᠨ ᠬᠠᠮᠳᠦᠪᠡᠷ ᠬᠠᠮᠠᠭᠠᠯᠠᠵᠦ ᠭᠤᠶᠤᠵᠢᠭᠤᠯᠬᠤ ᠬᠦᠳᠡᠯᠭᠡᠭᠴᠢ ᠬᠦᠴᠦᠨ ᠢ ᠬᠦᠭᠵᠢᠭᠡᠵᠦ᠂ ᠲᠤᠰᠬᠤᠨ ᠢᠶᠠᠨ ᠨᠡᠩ ᠴᠡᠪᠡᠷ ᠴᠡᠮᠴᠡᠭᠡᠷ ᠦᠵᠡᠰᠬᠦᠯᠡᠩᠳᠦ ᠰᠠᠶᠢᠬᠠᠨ ᠪᠤᠯᠭᠠᠪᠠ᠃      ᠥᠷ ᠴᠠᠶᠢᠬᠤ ᠦᠶ᠎ᠡ ᠪᠠᠷ᠂ ᠤᠯᠠᠭᠠᠨᠬᠤᠲᠠ ᠶᠢᠨ ᠢᠯᠠᠯᠳᠠ ᠪᠠᠯᠭᠠᠰᠤᠨ ᠤ ᠢᠯᠠᠯᠳᠠ ᠭᠠᠴᠠᠭ᠎ᠠ ᠶᠢᠨ ᠤᠷᠴᠢᠨ ᠲᠤᠭᠤᠷᠢᠨ ᠤ ᠠᠷᠢᠭᠤᠨ ᠴᠡᠪᠡᠷ ᠢ ᠴᠡᠪᠡᠷᠯᠡᠭᠴᠢ ᠳ᠋ᠠᠶ ᠬᠦᠶ ᠬᠤᠸᠠ ᠪᠤᠯᠤᠨ ᠲᠠᠭᠤᠯᠠ ᠬᠤᠶᠠᠷ ᠭᠤᠣᠯ ᠵᠡᠭᠡᠯᠢ ᠭᠤᠳᠤᠮᠵᠢ ᠶᠢ ᠴᠡᠪᠡᠷᠯᠡᠨ᠂ ᠴᠠᠭᠠᠨ ᠬᠤᠭ ᠨᠣᠪᠰᠢ ᠶᠢ ᠲᠡᠭᠦᠵᠦ᠂ ᠬᠦᠮᠦᠨ ᠪᠦᠷᠢ ᠶᠢᠨ ᠬᠠᠷᠢᠭᠤᠴᠠᠵᠦ ᠪᠠᠶᠢᠭ᠎ᠠ ᠤᠷᠤᠨ ᠲᠤᠭᠤᠷᠢᠭ ᠢᠶᠠᠨ ᠴᠡᠪ ᠴᠡᠪᠡᠷᠭᠡᠨ ᠴᠡᠪᠡᠷᠯᠡᠨ᠎ᠡ᠃ ︽ᠮᠠᠨ ᠤ ᠭᠠᠴᠠᠭ᠎ᠠ ᠪᠠᠷ ᠵᠢᠭᠤᠯᠴᠢᠯᠠᠬᠤ ᠪᠠᠷ ᠢᠷᠡᠬᠦ ᠵᠢᠭᠤᠯᠴᠢᠯᠠᠭᠴᠢᠳ ᠮᠠᠰᠢ ᠤᠯᠠᠨ᠂ ᠵᠡᠭᠡᠯᠢ ᠭᠤᠳᠤᠮᠵᠢ ᠴᠡᠪᠡᠷᠭᠡᠨ ᠪᠤᠯᠪᠠᠯ ᠵᠢᠭᠤᠯᠴᠢᠯᠠᠭᠴᠢᠳ ᠤᠨ ᠪᠡᠶᠡᠴᠢᠯᠡᠨ ᠤᠶᠢᠯᠠᠭᠠᠯᠳᠠ ᠤᠯᠠᠮ ᠰᠠᠶᠢᠨ ᠪᠤᠯᠤᠨ᠎ᠠ︾ ᠭᠡᠵᠦ ᠳ᠋ᠠᠢ ᠬᠦᠢ ᠬᠤᠸᠠ ᠢᠨᠢᠶᠡᠨ ᠬᠡᠯᠡᠨ᠎ᠡ᠃      ᠭᠠᠴᠠᠭ᠎ᠠ ᠲᠣᠰᠬᠤᠨ ᠤ ᠠᠷᠠᠳ ᠪᠣᠯᠤᠨ ᠤᠷᠴᠢᠨ ᠲᠤᠭᠤᠷᠢᠨ ᠤ ᠴᠡᠪᠡᠷᠯᠡᠭᠴᠢ ᠶᠢᠨ ᠬᠠᠮᠳᠦ ᠶᠢᠨ ᠴᠢᠷᠮᠠᠶᠢᠯᠭ᠎ᠠ ᠪᠠᠷ ᠡᠶ᠎ᠡ ᠵᠤᠬᠢᠴᠠᠩᠭᠤᠢ᠂ ᠦᠵᠡᠰᠬᠦᠯᠡᠨᠳᠦ ᠰᠠᠶᠢᠬᠠᠨ᠂ ᠪᠤᠯᠪᠠᠰᠤᠨ᠂ ᠴᠡᠪᠡᠷ ᠰᠠᠶᠢᠬᠠᠨ ᠬᠦᠳᠡᠭᠡ ᠲᠤᠰᠬᠤᠨ ᠨᠢ ᠤᠯᠠᠨ ᠵᠢᠭᠤᠯᠴᠢᠯᠠᠭᠴᠢᠳ ᠤᠨ ᠠᠩᠬᠠᠷᠤᠯ ᠢ ᠲᠠᠳᠠᠵᠦ᠂ ᠵᠢᠭᠤᠯᠴᠢᠯᠠᠨ ᠲᠤᠭᠤᠷᠢᠬᠤ ᠬᠠᠷᠠᠯᠳᠠᠳᠦ ᠭᠠᠵᠠᠷ ᠪᠤᠯᠤᠭᠰᠠᠨ ᠪᠠᠶᠢᠨ᠎ᠠ᠃      ᠬᠤᠭ ᠨᠣᠪᠰᠢ ᠶᠢ ᠬᠤᠷᠢᠶᠠᠨ ᠠᠪᠴᠤ ᠬᠠᠶᠠᠭᠳᠠᠮᠠᠯ ᠪᠤᠳᠠᠰ ᠢ ᠡᠳ᠋ ᠡᠷᠳᠡᠨᠢᠰ ᠪᠤᠯᠭᠠᠪᠠ      ︽ᠰᠢᠲᠠᠮᠠᠬᠠᠶ ᠬᠤᠭ ᠨᠣᠪᠰᠢ ᠶᠢ ᠰᠢᠲᠠᠭᠠᠵᠤ᠂ ᠰᠢᠲᠠᠮᠠᠬᠠᠶ ᠪᠢᠰᠢ ᠬᠤᠭ ᠨᠣᠪᠰᠢ ᠶᠢ ᠨᠦᠭᠡᠨ ᠳᠤ ᠪᠤᠯᠠᠵᠦ᠂ ᠠᠮᠠᠷᠬᠠᠨ ᠢᠯᠵᠢᠷᠠᠬᠦ ᠬᠤᠭ ᠨᠤᠪᠰᠢ ᠶᠢ ᠤᠪᠤᠭᠠᠯᠠᠨ ᠪᠤᠷᠳᠤᠭᠤᠷ ᠪᠤᠯᠭᠠᠵᠦ᠂ ᠲᠠᠬᠢᠨ ᠬᠤᠷᠢᠶᠠᠵᠦ ᠪᠤᠯᠬᠤ ᠬᠤᠭ ᠨᠤᠪᠴᠢ ᠶᠢ ᠵᠤᠭᠤᠰ ᠪᠤᠯᠭᠠᠨ ᠬᠤᠳᠠᠯᠳᠤᠵᠦ᠂ ᠬᠤᠤᠷᠳᠠᠢ ᠬᠤᠭ ᠨᠣᠪᠰᠢ ᠶᠢ ᠺᠣᠮᠫᠠᠨᠢ ᠠᠴᠠ ᠪᠦᠬᠦᠨ ᠢ ᠬᠤᠷᠢᠶᠠᠨ ᠠᠪᠤᠨ᠎ᠠ ᠁︾ ᠬᠢᠩᠭᠠᠨ ᠠᠶᠢᠮᠠᠭ ᠤᠨ ᠮᠠᠯᠵᠢᠬᠤ ᠲᠠᠷᠢᠶᠠᠯᠠᠬᠤ ᠤᠷᠤᠨ ᠢᠶᠠᠷ ᠡᠨᠡᠬᠦ ᠤᠷᠢᠶ᠎ᠠ ᠯᠤᠽᠤᠩ ᠨᠢ ᠮᠠᠯᠴᠢᠨ ᠲᠠᠷᠢᠶᠠᠴᠢᠨ ᠤ ᠲᠤᠮᠳᠠᠬᠢ ᠬᠠᠯᠠᠮᠰᠢᠯ ᠵᠤᠭᠤᠭ ᠪᠤᠯᠪᠠ᠃      ᠵᠠᠯᠠᠶᠢᠳ ᠬᠤᠰᠢᠭᠤ ᠪᠠᠷ ᠵᠢᠱᠢᠶᠡᠯᠡᠪᠡᠯ᠂ ᠮᠠᠯᠵᠢᠬᠤ ᠲᠠᠷᠢᠶᠠᠯᠠᠬᠤ ᠣᠷᠣᠨ ᠤ ᠠᠮᠢᠳᠤᠷᠠᠯ ᠤᠨ ᠬᠤᠭ ᠨᠤᠪᠰᠢ ᠶᠢ ᠰᠶᠢᠳᠪᠦᠷᠢᠯᠡᠬᠦ ᠶᠢ ᠲᠦᠯᠬᠢᠨ ᠠᠬᠢᠭᠤᠯᠬᠤ ᠲᠠᠯ᠎ᠠ ᠪᠠᠷ ︽ᠡᠷᠦᠭᠡ ᠠᠴᠠ ᠲᠦᠷᠦᠯ ᠬᠤᠪᠢᠶᠠᠬᠤ᠂ ᠲᠤᠰᠬᠤᠨ ᠠᠴᠠ ᠬᠢᠨᠠᠯᠳᠠ ᠲᠠᠯᠪᠢᠬᠤ᠂ ᠪᠠᠯᠭᠠᠰᠦ ᠠᠴᠠ ᠬᠤᠷᠢᠶᠠᠨ ᠴᠤᠭᠯᠠᠭᠤᠯᠬᠤ᠂ ᠬᠤᠰᠢᠭᠤ ᠠᠴᠠ ᠰᠶᠢᠳᠪᠦᠷᠢᠯᠡᠬᠦ ︾ ᠠᠵᠢᠯ ᠤᠨ ᠲᠤᠭᠳᠠᠴᠠ ᠶᠢ ᠪᠠᠶᠢᠭᠤᠯᠪᠠ᠃ ᠠᠮᠢᠳᠤᠷᠠᠯ᠂ ᠦᠢᠯᠡᠳᠪᠦᠷᠢᠯᠡᠯ᠂ ᠪᠠᠷᠢᠯᠭ᠎ᠠ ᠶᠢᠨ ᠭᠠᠵᠠᠷ ᠶᠢᠨ ᠬᠤᠭ ᠨᠣᠪᠰᠢ ᠶᠢ ᠨᠠᠷᠢᠨ ᠬᠤᠪᠢᠶᠠᠵᠤ᠂ ︽ᠰᠢᠲᠠᠭᠠᠬᠤ᠂ ᠪᠤᠯᠠᠬᠤ᠂ ᠰᠢᠯᠢᠵᠦ ᠬᠤᠪᠢᠶᠠᠬᠤ︾ ᠵᠡᠷᠭᠡ ᠭᠤᠷᠪᠠᠨ ᠵᠦᠢᠯ ᠤᠨ ᠰᠶᠢᠳᠪᠦᠷᠢᠯᠡᠬᠦ ᠠᠷᠭ᠎ᠠ ᠮᠠᠶ᠋ᠢᠭ ᠢᠶᠠᠷ ᠲᠠᠮᠵᠢᠭᠤᠯᠤᠨ᠂ ᠬᠥᠳᠡᠭᠡ ᠲᠣᠰᠬᠤᠨ ᠤ ᠬᠤᠭ ᠨᠣᠪᠰᠢ ᠶᠢ ᠰᠶᠢᠳᠪᠦᠷᠢᠯᠡᠬᠦ ᠳᠤ ᠬᠡᠮᠵᠢᠶ᠎ᠡ ᠶᠢ ᠪᠠᠭᠠᠰᠬᠠᠬᠤ᠂ ᠡᠬᠢ ᠪᠠᠶᠠᠯᠢᠭᠵᠢᠭᠤᠯᠬᠤ᠂ ᠬᠦᠨᠦᠭᠡᠯ ᠦᠭᠡᠢ ᠪᠠᠷ ᠰᠶᠢᠳᠪᠦᠷᠢᠯᠡᠬᠦ ᠬᠠᠷᠠᠯᠳᠠ ᠳᠤ ᠬᠦᠷᠴᠦ ᠂ ᠬᠤᠭ ᠨᠤᠪᠰᠢ ᠶᠢᠨ ᠤᠷᠴᠢᠨ ᠲᠤᠭᠤᠷᠢᠨ ᠢ ᠪᠤᠬᠢᠷᠳᠤᠭᠤᠯᠬᠤ ᠶᠢ ᠠᠯᠢ ᠴᠢᠳᠠᠬᠤ ᠪᠠᠷ ᠪᠠᠭᠠᠰᠬᠠᠵᠠᠢ᠃      ︽ᠪᠢᠳᠡ ᠵᠢᠯ ᠪᠦᠷᠢ ᠡᠰᠢ ᠰᠦᠷᠡᠯ ᠪᠣᠯᠤᠨ ᠲᠠᠷᠢᠶᠠᠯᠠᠩ ᠣᠶ ᠰᠢᠭᠤᠶ ᠶᠢᠨ ᠬᠠᠶᠠᠭᠳᠠᠮᠠᠯ ᠪᠤᠳᠠᠰ ᠢ ᠪᠠᠷᠤᠭ 28 ᠲᠦᠮᠡᠨ ᠲᠤᠨ ᠵᠠᠷᠤᠴᠠᠭᠤᠯᠵᠦ ᠪᠠᠶᠢᠨ᠎ᠠ᠂ ᠪᠦᠬᠦ ᠵᠢᠯ ᠤᠨ ᠵᠠᠷᠤᠴᠠᠭᠤᠯᠬᠤ ᠲᠦᠯᠡᠰᠢ ᠨᠢ 10.04 ᠲᠦᠮᠡᠨ ᠲᠣᠨ ᠪᠠᠷᠢᠮᠵᠢᠶᠠᠲᠤ ᠨᠡᠭᠦᠷᠡᠰᠦ ᠠᠷᠪᠢᠯᠠᠭᠰᠠᠨ ᠲᠠᠢ ᠲᠡᠩᠴᠡᠵᠦ᠂ ᠨᠡᠭᠦᠷᠡᠰᠦᠲᠥ᠋ᠷᠥᠭᠴᠢ ᠶᠢᠨ ᠳᠠᠪᠬᠤᠷ ᠢᠰᠦᠯ ᠭᠠᠳᠠᠭᠰᠢᠯᠠᠭᠤᠯᠬᠤ ᠬᠡᠮᠵᠢᠶ᠎ᠡ ᠶᠢ 10.5 ᠲᠦᠮᠡᠨ ᠲᠣᠨ ᠪᠠᠭᠠᠰᠬᠠᠭᠰᠠᠨ ᠲᠠᠢ ᠲᠡᠩᠴᠡᠨ᠎ᠡ︾ ᠭᠡᠵᠦ ᠵᠠᠯᠠᠶᠢᠳ ᠬᠤᠰᠢᠭᠤᠨ ᠤ ᠶᠦᠩ ᠯᠢᠨ ᠢᠯᠴᠢ ᠶᠢᠨ ᠬᠦᠴᠦᠨ ᠢᠶᠠᠷ ᠴᠠᠬᠢᠯᠭᠠᠨ ᠭᠠᠷᠭᠠᠬᠤ ᠬᠢᠵᠠᠭᠠᠷᠳᠦ ᠺᠤᠮᠫᠠᠨᠢ ᠶᠢᠨ ᠲᠠᠭᠠᠭᠠᠮᠠᠯ ᠬᠤ᠋ ᠰᠢᠤᠸᠠᠢ ᠬᠡᠯᠡᠨ᠎ᠡ᠃      ᠬᠦᠳᠡᠭᠡ ᠲᠤᠰᠬᠤᠨ ᠤ ᠬᠤᠭ ᠨᠤᠪᠰᠢ ᠶᠢ ᠰᠶᠢᠳᠪᠦᠷᠢᠯᠡᠬᠦ ᠲᠠᠯ᠎ᠠ ᠪᠠᠷ᠂ 2022 ᠣᠨ ᠳᠤ ᠤᠯᠠᠭᠠᠨᠬᠤᠲᠠ ᠬᠢᠩᠭᠠᠨ ᠠᠶᠢᠮᠠᠭ ᠤᠨ ᠬᠤᠲᠠ ᠬᠥᠳᠡᠭᠡ ᠶᠢᠨ ᠣᠷᠴᠢᠨ ᠲᠣᠭᠤᠷᠢᠨ ᠤ ᠡᠷᠡᠭᠦᠯ ᠬᠠᠮᠠᠭᠠᠯᠠᠯ ᠢ ᠨᠢᠭᠡ ᠴᠤᠭᠴᠠᠵᠢᠭᠤᠯᠬᠤ ᠲᠤᠷᠰᠢᠯᠲᠠ ᠶᠢᠨ ᠥᠭᠡᠷᠡᠴᠢᠯᠡᠯᠲᠡ ᠶᠢ ᠡᠩ ᠤᠨ ᠲᠡᠷᠢᠭᠦᠨ ᠳᠤ ᠬᠡᠷᠡᠭᠵᠢᠬᠦᠯᠵᠦ᠂ ︽ᠡᠷᠦᠭᠡ ᠠᠴᠠ ᠴᠤᠭᠯᠠᠭᠤᠯᠬᠤ᠂ ᠲᠤᠰᠬᠤᠨ ᠠᠴᠠ ᠬᠤᠷᠢᠶᠠᠬᠤ᠂ ᠪᠠᠯᠭᠠᠰᠦ ᠠᠴᠠ ᠵᠦᠭᠡᠭᠡᠪᠦᠷᠢᠯᠡᠬᠦ᠂ ᠬᠤᠳᠠ ᠠᠴᠠ ᠰᠶᠢᠳᠪᠦᠷᠢᠯᠡᠬᠦ︾ ᠬᠤᠳᠠ ᠬᠦᠳᠡᠭᠡ ᠶᠢᠨ ᠣᠷᠴᠢᠨ ᠲᠣᠭᠤᠷᠢᠨ ᠤ ᠡᠷᠡᠭᠦᠯ ᠬᠠᠮᠠᠭᠠᠯᠠᠯ ᠢ ᠨᠢᠭᠡ ᠴᠤᠭᠴᠠᠵᠢᠭᠤᠯᠤᠨ ᠴᠡᠭᠴᠡᠯᠡᠨ ᠵᠠᠰᠠᠬᠤ ᠲᠤᠭᠳᠠᠴᠠ ᠶᠢ ᠪᠦᠷᠢᠯᠳᠦᠬᠦᠯᠪᠡ᠃      ᠪᠣᠬᠢᠷ ᠤᠰᠤ ᠶᠢ ᠰᠠᠶᠢᠳᠤᠷ ᠰᠶᠢᠳᠪᠦᠷᠢᠯᠡᠨ ᠬᠥᠳᠡᠭᠡ ᠲᠣᠰᠬᠤᠨ ᠢ ᠤᠯᠠᠮ ᠢᠶᠠᠷ ᠭᠤᠶᠤᠵᠢᠭᠤᠯᠵᠠᠢ      ᠦᠳᠡ ᠶᠢᠨ ᠬᠤᠭᠤᠯᠠᠠ ᠬᠢᠬᠦ ᠦᠶ᠎ᠡ ᠪᠠᠷ᠂ ᠲᠦᠴᠢᠦᠸᠠᠨ ᠰᠢᠶᠠᠨ ᠤ ᠶᠦᠩ ᠠᠨ ᠪᠠᠯᠭᠠᠰᠤᠨ ᠤ ᠰᠧ ᠵᠢᠶᠠ ᠽᠢ ᠲᠣᠰᠬᠤᠨ ᠤ ᠮᠠ ᠶᠠᠨ ᠬᠤᠢ ᠤᠰᠤᠨ ᠤ ᠭᠤᠭᠤᠵᠢᠭᠤᠷ ᠢ ᠮᠤᠰᠭᠢᠨ ᠨᠡᠭᠡᠭᠡᠵᠦ ᠬᠤᠭᠤᠯᠠ ᠪᠠᠨ ᠬᠢᠨ᠎ᠡ᠃ ᠬᠤᠷᠴᠢᠭᠢᠨᠠᠲᠠᠯ᠎ᠠ ᠤᠷᠤᠰᠴᠤ ᠪᠠᠶᠢᠭ᠎ᠠ ᠲᠦᠭᠡᠭᠡᠯ ᠤᠰᠤ ᠶᠢ ᠬᠠᠷᠠᠵᠤ᠂ ᠮᠠ ᠶᠠᠨ ᠬᠤᠢ ᠶᠢᠨ ᠴᠢᠷᠠᠢ ᠳᠤ ᠢᠨᠢᠶᠡᠮᠰᠦᠭᠯᠡᠯ ᠲᠤᠳᠤᠷᠠᠵᠤ ︽ᠵᠠᠰᠠᠭ ᠤᠨ ᠣᠷᠳᠣᠨ ᠠᠴᠠ ᠪᠢᠳᠡᠨ ᠳᠤ ᠲᠦᠭᠡᠭᠡᠯ ᠤᠰᠤ ᠪᠠ ᠪᠣᠬᠢᠷ ᠤᠰᠤᠨ ᠤ ᠬᠤᠭᠤᠯᠠᠶ ᠤᠭᠰᠠᠷᠠᠭᠤᠯᠵᠦ ᠥᠭᠭᠦᠭᠰᠡᠨ ᠠᠴᠠ ᠨᠠᠭᠠᠰᠢ᠂ ᠮᠠᠨ ᠤ ᠬᠥᠳᠡᠭᠡ ᠲᠣᠰᠬᠤᠨ ᠳᠤ ᠪᠠᠰᠠ ᠬᠤᠳᠠ ᠶᠢᠨ ᠬᠢᠨ ᠲᠠᠢ ᠠᠳᠠᠯᠢ ᠲᠤᠨᠤᠭ ᠲᠦᠬᠦᠭᠡᠷᠦᠮᠵᠢ ᠬᠡᠷᠡᠭᠯᠡᠵᠦ ᠲᠡᠶᠢᠯᠬᠦ ᠪᠤᠯᠵᠠᠢ︾ ᠭᠡᠵᠦ ᠢᠨᠢᠶᠡᠨ ᠬᠡᠯᠡᠪᠡ᠃      2022 ᠣᠨ ᠳᠤ᠂ ᠲᠦᠴᠢᠦᠸᠠᠨ ᠰᠢᠶᠠᠨ ᠤ ᠶᠦᠩ ᠠᠨ ᠪᠠᠯᠭᠠᠰᠤ ᠰᠧ ᠵᠢᠶᠠ ᠽᠢ ᠲᠣᠰᠬᠤᠨ ᠤ ᠤᠰᠤ ᠬᠠᠩᠭᠠᠬᠤ ᠪᠠ ᠤᠰᠤ ᠭᠠᠳᠠᠭᠰᠢᠯᠠᠭᠤᠯᠬᠤ ᠶᠢ ᠨᠢᠭᠡ ᠴᠤᠭᠴᠠᠵᠢᠭᠤᠯᠤᠭᠰᠠᠨ ᠪᠠᠶᠢᠭᠤᠯᠤᠯᠳᠠ ᠶᠢᠨ ᠢᠨᠵᠤᠨᠤᠷᠢᠩ ᠢ ᠬᠡᠷᠡᠭᠵᠢᠬᠦᠯᠵᠦ᠂ ᠨᠡᠶᠢᠳᠡ 1024.81 ᠲᠦᠮᠡᠨ ᠲᠥᠭᠦᠷᠢᠭ ᠤᠨ ᠪᠡᠯᠡ ᠮᠥᠩᠭᠦ ᠣᠷᠣᠭᠤᠯᠤᠨ ᠲᠦᠭᠡᠭᠡᠯ ᠤᠰᠤᠨ ᠤ ᠦᠢᠯᠡᠳᠪᠦᠷᠢ ᠪᠣᠯᠤᠨ ᠪᠣᠬᠢᠷ ᠤᠰᠤ ᠰᠢᠢᠳᠪᠦᠷᠢᠯᠡᠬᠦ ᠦᠢᠯᠡᠳᠪᠦᠷᠢ ᠪᠠᠶᠢᠭᠤᠯᠵᠤ᠂ ᠲᠦᠭᠡᠭᠡᠯ ᠤᠰᠤᠨ ᠤ ᠬᠤᠭᠤᠯᠠᠢ᠂ ᠪᠣᠬᠢᠷ ᠤᠰᠤᠨ ᠤ ᠬᠤᠭᠤᠯᠠᠢ᠂ ᠪᠣᠷᠣᠭᠠᠨ ᠤ ᠤᠰᠤᠨ ᠤ ᠬᠤᠭᠤᠯᠠᠢ ᠶᠢ ᠪᠦᠬᠦ ᠲᠣᠰᠬᠤᠨ ᠳᠤ ᠤᠭᠰᠠᠷᠠᠭᠤᠯᠵᠦ᠂ ᠲᠣᠰᠬᠤᠨ ᠤ ᠠᠷᠠᠳ ᠤᠨ ᠤᠰᠤ ᠬᠡᠷᠡᠭᠯᠡᠬᠦ ᠨᠥᠬᠦᠴᠡᠯ ᠢ ᠤᠯᠠᠮ ᠢᠶᠠᠷ ᠰᠠᠶᠢᠵᠢᠷᠠᠭᠤᠯᠵᠦ᠂ ᠲᠤᠰᠬᠤᠨ ᠤ ᠠᠷᠠᠳ ᠤᠨ ᠵᠤᠯ ᠵᠢᠷᠭᠠᠯ ᠤᠨ ᠵᠢᠭᠠᠯᠳᠠ ᠲᠤᠭ᠎ᠠ ᠶᠢ ᠤᠯᠠᠮ ᠢᠶᠠᠷ ᠨᠡᠮᠡᠭᠳᠡᠬᠦᠯᠵᠠᠢ᠃      ᠡᠬᠦᠨ ᠲᠠᠢ ᠠᠳᠠᠯᠢ ᠪᠠᠷ᠂ ᠬᠦᠷ ᠬᠦᠭᠵᠢᠶᠡᠨᠳᠡᠢ ᠶᠠᠪᠤᠭᠳᠠᠵᠦ ᠪᠠᠶᠢᠭ᠎ᠠ ᠤᠯᠠᠭᠠᠨᠬᠤᠲᠠ ᠶᠢᠨ ᠢᠯᠠᠯᠳᠠ ᠪᠠᠯᠭᠠᠰᠤᠨ ᠤ ᠤᠷᠴᠢᠨ ᠲᠤᠭᠤᠷᠢᠨ ᠢ ᠶᠡᠷᠦᠩᠭᠡᠶᠢᠯᠡᠨ ᠲᠡᠭᠡᠭᠰᠢᠯᠡᠬᠦᠯᠬᠦ ᠲᠦᠷᠦᠯ ᠵᠦᠢᠯ ᠤᠨ ᠲᠤᠬᠠᠢ ᠲᠠᠯᠠᠪᠠᠢ ᠳᠤ ᠪᠤᠬᠢᠷ ᠤᠰᠤ ᠰᠶᠢᠳᠪᠦᠷᠢᠯᠡᠬᠦ ᠦᠷᠳᠡᠭᠡ ᠶᠢᠨ ᠪᠠᠶᠢᠭᠤᠯᠤᠯᠳᠠ ᠨᠢ ᠨᠢᠭᠡᠨᠳᠡ ᠲᠠᠭᠤᠰᠴᠦ᠂ ᠠᠵᠢᠯᠴᠢᠳ ᠶᠠᠭ ᠲᠤᠨᠤᠭ ᠲᠦᠬᠦᠭᠡᠷᠦᠮᠵᠢ ᠪᠠᠨ ᠲᠤᠷᠰᠢᠨ ᠲᠤᠬᠢᠷᠠᠭᠤᠯᠵᠦ ᠪᠠᠶᠢᠯ᠎ᠠ᠃ ᠲᠤᠰ ᠲᠦᠷᠦᠯ ᠵᠦᠢᠯ ᠨᠢ ᠠᠰᠢᠭᠯᠠᠯᠳᠠ ᠳᠤ ᠤᠷᠤᠭᠰᠠᠨ ᠤ ᠲᠠᠷᠠᠭ᠎ᠠ ᠢᠯᠠᠯᠳᠠ ᠭᠠᠴᠠᠭ᠎ᠠ᠂ ᠢᠯᠠᠯᠳᠠ ᠨᠡᠶᠢᠭᠡᠮ ᠲᠤᠭᠤᠷᠢᠭ᠂ ᠢᠯᠠᠯᠳᠠ ᠪᠠᠯᠭᠠᠰᠦ ᠶᠢᠨ ᠵᠠᠰᠠᠭ ᠤᠨ ᠤᠷᠳᠤᠨ ᠤ ᠠᠯᠪᠠᠨ ᠪᠠᠶᠢᠭᠤᠯᠭ᠎ᠠ᠂ ᠰᠤᠷᠭᠠᠭᠤᠯᠢ᠂ ᠬᠤᠳᠠᠯᠳᠤᠭᠠᠨ ᠤ ᠲᠡᠯᠭᠡᠬᠦᠷ ᠨᠤᠭᠤᠳ ᠢ ᠬᠠᠮᠤᠷᠴᠦ᠂ 2000 ᠭᠠᠷᠤᠢ ᠬᠦᠮᠦᠨ ᠤ ᠠᠮᠢᠳᠤᠷᠠᠯ ᠤᠨ ᠪᠤᠬᠢᠷ ᠤᠰᠤ ᠶᠢ ᠰᠶᠢᠳᠪᠦᠷᠢᠯᠡᠵᠦ ᠲᠠᠶᠢᠯᠬᠦ ᠪᠤᠯᠤᠨ᠎ᠠ᠃      ᠵᠠᠯᠠᠶᠢᠳ ᠬᠤᠰᠢᠭᠤᠨ ᠤ ᠬᠤᠯᠪᠤᠭ᠎ᠠ ᠪᠠᠯᠭᠠᠰᠦ ᠶᠢᠨ ᠱᠦᠢ ᠲᠢᠶᠠᠨ ᠲᠣᠰᠬᠤᠨ ᠪᠣᠯᠤᠨ ᠰᠢᠶᠠᠨ ᠹᠧᠩ ᠲᠤᠰᠬᠤᠨ ᠤ ᠬᠤᠳᠠ ᠬᠦᠳᠡᠭᠡ ᠶᠢᠨ ᠪᠦᠳᠦᠭᠡᠨ ᠪᠠᠶᠢᠭᠤᠯᠤᠯᠳᠠ ᠳᠤ ᠬᠡᠷᠡᠭᠯᠡᠬᠦ ᠭᠠᠵᠠᠷ ᠤᠨ ᠨᠡᠮᠡᠭᠳᠡᠯ ᠬᠠᠰᠤᠭᠳᠠᠯ ᠲᠠᠢ ᠬᠤᠯᠪᠤᠭᠳᠠᠭᠰᠠᠨ ᠲᠦᠷᠦᠯ ᠵᠦᠢᠯ ᠤᠨ ᠲᠤᠬᠠᠢ ᠶᠢᠨ ᠲᠠᠯᠠᠪᠤᠷ ᠲᠤ᠂ ᠲᠤᠰᠬᠤᠨ ᠤ ᠠᠷᠠᠳ ᠢ ᠲᠦᠪᠬᠢᠨᠡᠬᠦᠯᠬᠦ ᠤᠷᠤᠨ ᠰᠠᠭᠤᠴᠠ ᠶᠢᠨ ᠠᠰᠠᠷ ᠨᠢ ᠮᠦᠷᠦ ᠵᠡᠷᠭᠡᠴᠡᠨ ᠰᠦᠨᠳᠡᠷᠯᠡᠨ ᠪᠤᠰᠴᠦ᠂ ᠮᠠᠰᠢᠨ ᠲᠤᠨᠤᠭ ᠤᠨ ᠬᠦᠷᠴᠢᠬᠢᠨᠡᠬᠦ ᠲᠠᠭᠤᠨ ᠤ ᠲᠤᠮᠳᠠ ᠤᠨᠴᠠᠭᠠᠢ ᠶᠠᠭᠠᠷᠠᠯᠳᠠᠢ ᠪᠠᠶᠢᠳᠠᠯ ᠢᠯᠡᠷᠡᠨ᠎ᠡ᠃      ᠲᠥᠪᠬᠢᠨᠡᠭᠦᠯᠬᠦ ᠤᠷᠤᠨ ᠰᠠᠭᠤᠴᠠ ᠨᠢ ᠪᠣᠬᠢᠷ ᠤᠰᠤ ᠶᠢ ᠰᠢᠢᠳᠪᠦᠷᠢᠯᠡᠬᠦ ᠲᠠᠯ᠎ᠠ ᠪᠠᠷ ᠪᠣᠷᠣᠭᠠᠨ ᠤ ᠤᠰᠤ ᠪᠠ ᠪᠤᠬᠢᠷ ᠤᠰᠤ ᠶᠢ ᠰᠠᠯᠭᠠᠬᠤ᠂ ᠭᠡᠷ ᠤᠨ ᠲᠤᠳᠤᠷᠠᠬᠢ ᠪᠤᠬᠢᠷ ᠤᠰᠤ ᠪᠠ ᠬᠠᠶᠠᠭᠮᠠᠳᠠᠯ ᠤᠰᠤ ᠶᠢ ᠨᠡᠶᠢᠯᠡᠬᠦᠯᠬᠦ ᠠᠷᠭ᠎ᠠ ᠮᠠᠶ᠋ᠢᠭ ᠢ ᠬᠡᠷᠡᠭᠯᠡᠨ᠂ ᠡᠳᠦᠷ ᠪᠦᠷᠢ ᠶᠢᠨ ᠬᠠᠮᠤᠭ ᠦᠨᠳᠦᠷ ᠤᠰᠤ ᠭᠠᠳᠠᠭᠰᠢᠯᠠᠭᠤᠯᠬᠤ ᠬᠡᠮᠵᠢᠶ᠎ᠡ ᠨᠢ 380 ᠲᠤᠨ ᠬᠦᠷᠬᠦ ᠪᠤᠯᠤᠨ᠎ᠠ᠃      ᠬᠢᠩᠭᠠᠨ ᠠᠶᠢᠮᠠᠭ ᠤᠨ ᠣᠷᠣᠨ ᠰᠠᠭᠤᠴᠠ ᠪᠠ ᠬᠤᠲᠠ ᠬᠥᠳᠡᠭᠡ ᠶᠢᠨ ᠪᠥᠲᠥᠭᠡᠨ ᠪᠠᠶᠢᠭᠤᠯᠤᠯᠲᠠ ᠶᠢᠨ ᠲᠣᠪᠴᠢᠶ᠎ᠠ ᠠᠴᠠ ᠣᠶᠢᠯᠠᠭᠠᠭᠰᠠᠨ ᠢᠶᠠᠷ᠂ 2024 ᠤᠨ ᠤ ᠡᠴᠦᠰ ᠪᠤᠯᠳᠠᠯ᠎ᠠ ᠠᠮᠢᠳᠤᠷᠠᠯ ᠤᠨ ᠪᠤᠬᠢᠷ ᠤᠰᠤ ᠶᠢ ᠰᠶᠢᠳᠪᠦᠷᠢᠯᠡᠵᠦ ᠲᠡᠶᠢᠯᠬᠦ ᠲᠦᠬᠦᠭᠡᠷᠦᠮᠵᠢᠳᠡᠢ ᠲᠠᠢ ᠪᠠᠶᠢᠭᠤᠯᠤᠮᠵᠢᠳᠦ ᠪᠠᠯᠭᠠᠰᠦ ᠶᠢ ᠰᠢᠨ᠎ᠡ ᠪᠠᠷ 5 ᠨᠡᠮᠡᠭᠳᠡᠬᠦᠯᠵᠦ᠂ 54.5% ᠶᠢ ᠡᠵᠡᠯᠡᠨ᠂ ᠦᠪᠡᠷᠳᠡᠭᠡᠨ ᠵᠠᠰᠠᠬᠤ ᠤᠷᠤᠨ ᠤ 2024 ᠤᠨ ᠤ ᠬᠠᠷᠠᠯᠳᠠ ᠡᠬᠦᠷᠭᠡ ᠠᠴᠠ 4.5 ᠵᠠᠭᠤᠨ ᠤ ᠨᠢᠭᠡᠴᠢ ᠦᠨᠳᠦᠷ ᠪᠤᠯᠬᠤ ᠪᠤᠯᠤᠨ᠎ᠠ᠃      · ᠲᠤᠯᠭᠠᠭᠤᠷᠢ ᠬᠠᠨ ᠢᠤᠢ ᠭᠧ ·
 
ᠢᠷᠡᠯᠲᠡ᠄ ᠬᠢᠩᠭᠠᠨ ᠤ ᠡᠳᠤᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号