ᠵᠣᠨ ᠤ ᠤᠯᠠᠷᠢᠯ ᠤᠨ ᠠᠭᠠᠷ ᠤᠨ ᠳᠤᠯᠠᠭᠠᠨ ᠨᠡᠯᠢᠶᠡᠳ ᠥᠨᠳᠥᠷ ᠪᠠᠶᠢᠬᠤ ᠨᠢ ᠠᠯᠠᠰᠢᠨ ᠦᠬᠡᠷ ᠲᠤ ᠠᠪᠴᠤ | ᠬᠡᠯᠡᠪᠡᠯ ᠮᠠᠰᠢ ᠶᠡᠭᠡ ᠰᠢᠯᠭᠠᠯᠲᠠ ᠪᠣᠯᠣᠨ᠎ᠠ᠂ ᠤᠴᠢᠷ ᠨᠢ ᠵᠣᠨ ᠤ ᠤᠯᠠᠷᠢᠯ ᠤᠨ ᠥᠨᠳᠥᠷ ᠳᠤᠯᠠᠭᠠᠨ᠂ ᠢᠯᠠᠭ᠎ᠠ | ᠪᠠᠲᠠᠭᠠᠨ᠎ᠠ ᠵᠡᠷᠭᠡ ᠠᠴᠠ ᠠᠯᠠᠰᠢᠨ ᠦᠬᠡᠷ ᠤᠨ ᠢᠳᠡᠭᠡᠨ ᠤ ᠳᠤᠷᠠᠰᠢᠯ ᠮᠠᠭᠤᠳᠠᠳᠠᠭ᠂ ᠡᠶᠢᠮᠦ ᠠᠴᠠ ᠵᠣᠨ ᠤ | ᠤᠯᠠᠷᠢᠯ ᠳᠤ ᠬᠠᠮᠢᠶᠠᠷᠤᠯᠲᠠ ᠵᠣᠬᠢᠰ ᠦᠭᠡᠢ ᠪᠣᠯ ᠠᠯᠠᠰᠢᠨ ᠦᠬᠡᠷ ᠠᠮᠠᠷᠬᠠᠨ ᠡᠴᠡᠳᠡᠭ᠂ ᠳᠣᠣᠷ᠎ᠠ ᠪᠢᠳᠡ ᠵᠣᠨ ᠤ | ᠤᠯᠠᠷᠢᠯ ᠳᠤ ᠠᠯᠠᠰᠢᠨ ᠦᠬᠡᠷ ᠤᠨ ᠪᠣᠷᠳᠣᠵᠤ ᠲᠠᠷᠭᠤᠯᠠᠭᠤᠯᠬᠤ ᠠᠷᠭ᠎ᠠ ᠶᠢ ᠲᠠᠨᠢᠯᠴᠠᠭᠤᠯᠵᠤ ᠣᠯᠠᠨ ᠳᠤ ᠯᠠᠪᠯᠠᠯᠲᠠ | ᠪᠣᠯᠭᠠᠶ᠎ᠠ᠃ 5. ᠲᠡᠵᠢᠭᠡᠯ ᠪᠣᠷᠳᠣᠭᠠᠨ ᠤ ᠨᠡᠮᠡᠯᠲᠡ ᠡᠳ᠋ ᠢ ᠨᠡᠮᠡᠨ᠎ᠡ ᠲᠡᠵᠢᠭᠡᠯ ᠪᠣᠷᠳᠣᠭᠠᠨ ᠤ ᠨᠡᠮᠡᠯᠲᠡ ᠡᠳ᠋ ᠨᠢ | ᠵᠤᠨ ᠤ ᠤᠯᠠᠷᠢᠯ ᠤᠨ ᠬᠠᠯᠠᠭᠤᠨ ᠢ ᠡᠰᠡᠷᠭᠦᠴᠡᠬᠦ ᠰᠡᠷᠡᠯᠵᠢᠯ ᠤᠨ ᠬᠡᠯᠪᠡᠷᠢ ᠲᠠᠢ᠂ ᠨᠡᠭᠦᠷᠡᠰᠦᠬᠦ᠋ᠴᠢᠯ ᠤᠨ | ᠤᠰᠤᠲᠥ᠋ᠷᠥᠭᠴᠢᠲᠤ ᠨᠠᠳ᠋ᠷᠢ᠂ ᠾᠯᠣᠷᠲᠤ ᠨᠠᠳ᠋ᠷᠢ᠂ ᠨᠢᠮᠪᠡᠭᠡ ᠶᠢᠨ ᠬᠦᠴᠢᠯ ᠤᠨ ᠨᠠᠳ᠋ᠷᠢ᠂ ᠾᠯᠣᠷᠲᠤ ᠺᠠᠯᠢ ᠵᠡᠷᠭᠡ | ᠤᠯᠠᠨ ᠸᠢᠲ᠋ᠠᠮᠢᠨ ᠲᠠᠢ ᠨᠡᠮᠡᠯᠲᠡ ᠡᠳ᠋ ᠤᠨ ᠴᠠᠬᠢᠯᠭᠠᠨ ᠵᠠᠳᠠᠯᠤᠭᠳᠠᠬᠤᠨ ᠢ ᠴᠢᠩᠭᠠᠳᠬᠠᠵᠤ᠂ ᠥᠨᠳᠥᠷ ᠳᠤᠯᠠᠭᠠᠨ ᠳᠤ | ᠠᠮᠢᠳᠠᠨ ᠢ ᠵᠤᠨ ᠤ ᠴᠠᠭ ᠲᠤ ᠰᠡᠷᠢᠭᠦᠨ ᠲᠠᠭᠠᠯᠠᠮᠵᠢᠲᠠᠢ ᠪᠣᠯᠭᠠᠳᠠᠭ᠃ 6. ᠬᠠᠯᠠᠭᠤᠨ ᠡᠳᠦᠷ ᠲᠤᠭᠤᠯᠯᠠᠬᠤ ᠠᠴᠠ | ᠪᠣᠯᠭᠤᠮᠵᠢᠯᠠᠵᠤ᠂ ᠬᠤᠶᠢᠲᠤᠬᠢ ᠨᠢ ᠪᠠᠭᠤᠬᠤ ᠦᠭᠡᠢ ᠠᠴᠠ ᠪᠣᠯᠭᠤᠮᠵᠢᠯᠠᠬᠤ ᠬᠡᠷᠡᠭᠲᠡᠢ ᠠᠷᠪᠢᠨ ᠲᠤᠭᠤᠯᠯᠠᠭᠰᠠᠨ | ᠦᠨᠢᠶᠡᠨ ᠤ ᠵᠤᠨ ᠤ ᠤᠯᠠᠷᠢᠯ ᠳᠤ ᠲᠤᠭᠤᠯᠯᠠᠬᠤ ᠠᠴᠠ ᠠᠯᠢ ᠴᠢᠳᠠᠬᠤ ᠪᠠᠷ ᠵᠠᠶᠢᠯᠠᠰᠬᠢᠬᠦ ᠬᠡᠷᠡᠭᠲᠡᠢ᠂ ᠲᠤᠭᠤᠯᠯᠠᠬᠤ ᠪᠠ | ᠥᠨᠳᠥᠷ ᠬᠠᠯᠠᠭᠤᠨ ᠤ ᠳᠠᠪᠬᠤᠷ ᠰᠡᠷᠡᠯᠵᠢᠯ ᠨᠢ ᠦᠨᠢᠶ᠎ᠡ ᠪᠠ ᠲᠤᠭᠤᠯ ᠤᠨ ᠡᠷᠡᠭᠦᠯ ᠴᠢᠭᠢᠷᠠᠭ ᠢ ᠨᠥᠯᠥᠭᠡᠯᠡᠨ᠎ᠡ᠃ | ᠬᠡᠷᠪᠡ ᠬᠤᠶᠢᠲᠤᠬᠢ ᠨᠢ ᠪᠠᠭᠤᠬᠤ ᠦᠭᠡᠢ ᠪᠣᠯ ᠬᠢᠲᠠᠳ ᠡᠮ ᠢᠶᠠᠷ ᠵᠠᠰᠠᠵᠤ ᠪᠣᠯᠣᠨ᠎ᠠ᠂ ᠵᠢᠱᠢᠶᠡᠯᠡᠪᠡᠯ ︽ᠠᠮᠲᠠ | ᠣᠷᠣᠭᠤᠯᠤᠭᠰᠠᠨ ᠴᠢᠰᠤ ᠲᠥᠯᠵᠢᠭᠦᠯᠵᠦ ᠮᠠᠭᠤ ᠴᠢᠰᠤ ᠶᠢ ᠭᠠᠳᠠᠭᠰᠢᠯᠠᠭᠤᠯᠬᠤ ᠲᠠᠩ ᠡᠮ︾᠄ ᠳᠥᠷᠪᠡᠯᠵᠢ ᠡᠪᠡᠰᠦ | 90 ᠭᠷᠡᠮ᠂ ᠳ᠋ᠠᠩᠭᠦᠨ 100 ᠭᠷᠡᠮ᠂ ᠳᠣᠯᠣᠨᠤ 60 ᠭᠷᠡᠮ᠂ ᠰᠧᠴᠤᠸᠠᠨ ᠴᠠᠨ᠎ᠠ 60 ᠭᠷᠡᠮ᠂ ᠬᠤᠨᠴᠢᠷ 50 ᠭᠷᠡᠮ᠂ | ᠲᠤᠭᠤᠷ ᠤᠨ ᠴᠥᠮ᠎ᠡ 30 ᠭᠷᠡᠮ᠂ ᠰᠦᠨ ᠣᠷᠬᠤᠳᠠᠢ 50 ᠭᠷᠡᠮ᠂ ᠭᠦᠷᠭᠦᠮ 25 ᠭᠷᠡᠮ᠂ ᠴᠠᠭᠠᠨ ᠵᠠᠰᠠᠯ 60 | ᠭᠷᠡᠮ᠂ ᠳᠥᠷᠪᠡᠯᠵᠢ ᠡᠪᠡᠰᠦ 90 ᠭᠷᠡᠮ᠂ ᠬᠠᠭᠰᠠᠭᠠᠭᠰᠠᠨ ᠰᠢᠬᠢᠷ ᠡᠪᠡᠰᠦ 15 ᠭᠷᠡᠮ᠂ ᠪᠦᠯᠢᠶᠡᠨ ᠤᠰᠤᠨ ᠳᠤ | ᠪᠤᠷᠠᠮ ᠲᠠᠢ ᠴᠢᠨᠠᠵᠤ ᠤᠤᠭᠤᠯᠭᠠᠨ᠎ᠠ᠃ 7. ᠤᠬᠢᠶᠠᠵᠤ ᠴᠡᠪᠡᠷᠯᠡᠨ ᠠᠷᠢᠭᠤᠨ ᠴᠡᠪᠡᠷ ᠢ ᠡᠷᠬᠢᠮᠯᠡᠨ᠂ ᠢᠯᠠᠭ᠎ᠠ | ᠪᠠᠲᠠᠭᠠᠨ᠎ᠠ ᠶᠢ ᠠᠷᠢᠯᠭᠠᠨ᠎ᠠ ᠦᠬᠡᠷ ᠤᠨ ᠬᠠᠰᠢᠶ᠎ᠠ ᠶᠢ ᠦᠷᠭᠦᠯᠵᠢ ᠱᠦᠭᠦᠷᠳᠡᠨ ᠴᠡᠪᠡᠷᠯᠡᠵᠦ᠂ ᠪᠠᠭᠠᠰᠤ ᠰᠢᠭᠡᠰᠦ ᠶᠢ | ᠴᠡᠪᠡᠷᠯᠡᠵᠦ᠂ ᠰᠠᠯᠬᠢ ᠵᠢᠪᠠᠷ ᠨᠡᠪᠲᠡᠷᠡᠭᠦᠯᠦᠨ᠂ ᠦᠬᠡᠷ ᠤᠨ ᠣᠷᠣ ᠶᠢ ᠲᠣᠭᠲᠠᠮᠠᠯ ᠬᠤᠭᠤᠴᠠᠭ᠎ᠠ ᠲᠠᠢ ᠪᠠᠷ ᠴᠡᠪᠡᠷ | ᠤᠰᠤ ᠪᠠᠷ ᠤᠬᠢᠶᠠᠵᠤ᠂ ᠦᠬᠡᠷ ᠤᠨ ᠪᠡᠶ᠎ᠡ᠂ ᠬᠤᠶᠢᠲᠤ ᠪᠡᠶ᠎ᠡ ᠵᠡᠷᠭᠡ ᠴᠡᠪᠡᠷ ᠪᠤᠰᠤ ᠬᠡᠰᠡᠭ ᠢ ᠴᠠᠭ ᠲᠤᠬᠠᠢ ᠳᠤᠨᠢ | ᠴᠡᠪᠡᠷ ᠤᠰᠤ ᠪᠠᠷ ᠤᠬᠢᠶᠠᠨ ᠴᠡᠪᠡᠷᠯᠡᠵᠦ᠂ ᠬᠠᠯᠠᠭᠤᠨ ᠤ ᠰᠡᠷᠡᠯᠲᠡ ᠶᠢ ᠪᠠᠭᠠᠰᠬᠠᠨ᠎ᠠ᠃ ᠦᠬᠡᠷ ᠤᠨ ᠪᠡᠶ᠎ᠡ ᠶᠢ | ᠤᠬᠢᠶᠠᠬᠤ ᠳᠠᠭᠠᠨ ᠲᠡᠵᠢᠭᠡᠬᠦ ᠠᠴᠠ ᠡᠮᠦᠨ᠎ᠡ ᠲᠣᠬᠢᠷᠠᠭᠤᠯᠵᠤ᠂ ᠲᠡᠵᠢᠭᠡᠭᠰᠡᠨ ᠤ ᠳᠠᠷᠠᠭ᠎ᠠ 30 ᠮᠢᠨᠦ᠋ᠲ ᠤᠨ ᠳᠣᠲᠣᠷ᠎ᠠ | ᠤᠬᠢᠶᠠᠵᠤ ᠪᠣᠯᠬᠤ ᠦᠭᠡᠢ᠂ ᠨᠡᠩ ᠴᠤ ᠤᠰᠤ ᠪᠠᠷ ᠦᠬᠡᠷ ᠤᠨ ᠲᠣᠯᠣᠭᠠᠢ ᠶᠢ ᠴᠣᠴᠢᠮᠠᠭ ᠤᠬᠢᠶᠠᠵᠤ ᠪᠣᠯᠬᠤ ᠦᠭᠡᠢ᠂ | ᠦᠬᠡᠷ ᠤᠨ ᠲᠣᠯᠣᠭᠠᠢ ᠶᠢᠨ ᠬᠡᠰᠡᠭ ᠤᠨ ᠴᠢᠰᠤᠨ ᠰᠤᠳᠠᠯ ᠬᠦᠴᠦᠲᠡᠢ ᠠᠪᠴᠢᠵᠤ ᠮᠠᠨᠠᠷᠠᠬᠤ ᠠᠴᠠ ᠰᠡᠷᠭᠡᠶᠢᠯᠡᠬᠦ | ᠬᠡᠷᠡᠭᠲᠡᠢ᠃ ᠡᠳᠦᠷ ᠪᠦᠷᠢ ᠶᠢᠨ ᠦᠳᠡ ᠳᠤ ᠦᠬᠡᠷ ᠢᠶᠠᠨ ᠬᠠᠰᠢᠶᠠᠯᠠᠨ ᠠᠷᠢᠭᠤᠳᠬᠠᠵᠤ ᠬᠢᠵᠢᠭ ᠢ ᠰᠡᠷᠭᠡᠶᠢᠯᠡᠬᠦ | ᠮᠥᠷᠲᠡᠭᠡᠨ ᠠᠷᠢᠭᠤᠳᠬᠠᠨ᠎ᠠ᠃ ᠦᠬᠡᠷ ᠤᠨ ᠰᠠᠷᠠᠪᠴᠢ ᠶᠢᠨ ᠡᠷᠬᠢᠨ ᠲᠣᠭᠤᠷᠢᠨ ᠳᠤ ᠱᠠ ᠡᠭᠦᠳᠡ᠂ ᠱᠠ ᠴᠣᠩᠬᠤ | ᠨᠡᠮᠡᠵᠦ᠂ ᠢᠯᠠᠭ᠎ᠠ ᠪᠠᠲᠠᠭᠠᠨ᠎ᠠ ᠦᠬᠡᠷ ᠤᠨ ᠪᠡᠶ᠎ᠡ ᠶᠢ ᠬᠠᠵᠠᠬᠤ ᠠᠴᠠ ᠰᠡᠷᠭᠡᠶᠢᠯᠡᠬᠦ ᠶᠢᠨ ᠬᠠᠮᠲᠤ ᠪᠠᠰᠠ 1% ᠶᠢᠨ ᠳ᠋ᠢ | ᠪᠠᠢ ᠴᠥᠩ ᠡᠮ ᠤᠨ ᠰᠢᠩᠭᠡᠨ ᠢᠶᠠᠷ ᠦᠬᠡᠷ ᠢ ᠰᠦᠷᠴᠢᠵᠦ ᠪᠣᠯᠣᠨ᠎ᠠ᠂ ᠪᠠᠰᠠ ᠲᠣᠭᠲᠠᠭᠰᠠᠨ ᠬᠤᠭᠤᠴᠠᠭᠠᠨ ᠳᠤ | ᠠᠯᠠᠰᠢᠨ ᠦᠬᠡᠷ ᠲᠤ ᠵᠣᠬᠢᠬᠤ ᠬᠡᠮᠵᠢᠶᠡᠨ ᠤ ᠮᠠᠯ ᠳᠤ ᠬᠡᠷᠡᠭᠯᠡᠬᠦ ᠲᠦ᠋ ᠮᠸᠢ ᠰᠦ᠋ ᠢᠳᠡᠭᠦᠯᠵᠦ᠂ ᠡᠳᠦᠷ ᠪᠦᠷᠢ | ᠲᠡᠵᠢᠭᠡᠯ ᠤᠨ ᠪᠠᠭᠠᠵᠢ ᠬᠡᠷᠡᠭᠰᠡᠯ ᠢ ᠤᠬᠢᠶᠠᠬᠤ ᠪᠠ ᠠᠯᠠᠰᠢᠨ ᠦᠬᠡᠷ ᠤᠨ ᠬᠠᠰᠢᠶ᠎ᠠ ᠶᠢ ᠴᠡᠪᠡᠷᠯᠡᠬᠦ ᠠᠵᠢᠯ ᠢ ᠰᠠᠶᠢᠲᠤᠷ | ᠬᠢᠵᠦ᠂ ᠡᠪᠡᠳᠴᠢᠨ ᠤ ᠪᠠᠺᠲ᠋ᠧᠷᠢ ᠶᠢᠨ ᠬᠠᠯᠳᠠᠪᠤᠷᠢᠯᠠᠬᠤ ᠠᠴᠠ ᠰᠡᠷᠭᠡᠶᠢᠯᠡᠨ᠎ᠡ᠃ ᠰᠥᠨᠢ ᠳᠡᠭᠡᠨ ᠠᠯᠠᠰᠢᠨ ᠦᠬᠡᠷ ᠤᠨ | ᠬᠠᠰᠢᠶᠠᠨ ᠳᠤ ᠰᠢᠮᠠᠭᠤᠯ ᠤᠲᠤᠬᠤ ᠬᠦᠵᠢ ᠶᠢ ᠠᠰᠠᠭᠠᠬᠤ ᠪᠤᠶᠤ ᠱᠠ ᠪᠥᠰ ᠢᠶᠠᠷ ᠪᠠᠭᠯᠠᠭᠰᠠᠨ ᠲᠠᠯᠠᠰᠲᠤ ᠳ᠋ᠢ ᠪᠠᠢ | ᠴᠦᠩ ᠢ ᠡᠯᠭᠦᠵᠦ ᠬᠠᠵᠠᠭᠳᠠᠬᠤ ᠠᠴᠠ ᠰᠡᠷᠭᠡᠶᠢᠯᠡᠨ᠎ᠡ᠃ 8. ᠡᠷᠲᠡ ᠣᠷᠣᠢ ᠳᠠᠭᠠᠨ ᠵᠥᠭᠡᠭᠡᠪᠦᠷᠢᠯᠡᠵᠦ᠂ ᠵᠠᠮ | ᠵᠠᠭᠤᠷ᠎ᠠ ᠪᠠᠨ ᠠᠮᠠᠷᠠᠨ᠎ᠠ ᠠᠯᠠᠰᠢᠨ ᠦᠬᠡᠷ ᠤᠨ ᠲᠡᠭᠡᠭᠡᠪᠦᠷᠢ ᠶᠢᠨ ᠦᠢᠯᠡᠳᠪᠦᠷᠢᠯᠡᠯ ᠤᠨ ᠲᠥᠯᠦᠪᠵᠢᠭᠦᠯᠭᠡ ᠶᠢ ᠬᠠᠬᠢᠷ | ᠬᠦᠢᠲᠡᠨ ᠠᠭᠠᠭᠢᠮ᠎ᠠ ᠬᠠᠯᠠᠭᠤᠨ ᠠᠴᠠ ᠵᠠᠶᠢᠯᠠᠭᠤᠯᠬᠤ ᠬᠡᠷᠡᠭᠲᠡᠢ᠃ ᠵᠣᠨ ᠤ ᠤᠯᠠᠷᠢᠯ ᠳᠤ ᠠᠯᠠᠰᠢᠨ ᠦᠬᠡᠷ | ᠵᠥᠭᠡᠭᠡᠪᠦᠷᠢᠯᠡᠬᠦ ᠳᠡᠭᠡᠨ ᠡᠷᠲᠡ ᠣᠷᠣᠢ ᠶᠠᠪᠤᠵᠤ᠂ ᠲᠡᠷᠭᠡᠨ ᠣᠷᠣᠢ ᠳᠤ ᠰᠢᠷᠠᠭᠳᠠᠬᠤ ᠠᠴᠠ ᠰᠡᠷᠭᠡᠶᠢᠯᠡᠬᠦ ᠲᠣᠣᠷ ᠪᠤᠶᠤ | ᠨᠦᠢᠲᠠᠨ ᠬᠥᠰᠢᠭᠡ ᠲᠠᠯᠪᠢᠵᠤ᠂ ᠳᠥᠷᠪᠡᠨ ᠲᠠᠯ᠎ᠠ ᠪᠠᠷ ᠨᠢ ᠰᠠᠯᠬᠢ ᠨᠡᠪᠲᠡᠷᠡᠭᠦᠯᠬᠦ ᠪᠤᠶᠤ ᠨᠦᠢᠲᠠᠨ ᠬᠥᠰᠢᠭᠡ | ᠲᠠᠭᠠᠷᠠᠭᠤᠯᠤᠨ᠎ᠠ᠃ ᠬᠤᠯᠠ ᠵᠠᠮ ᠤᠨ ᠲᠡᠭᠡᠭᠡᠪᠦᠷᠢ ᠶᠢᠨ ᠶᠠᠪᠤᠴᠠ ᠳᠤ ᠮᠣᠳᠣᠨ ᠤ ᠰᠡᠭᠦᠳᠡᠷ ᠲᠤ ᠲᠡᠷᠭᠡ ᠪᠠᠨ | ᠵᠣᠭᠰᠣᠭᠠᠵᠤ ᠠᠮᠠᠷᠠᠭᠤᠯᠤᠨ᠂ 0.5% ᠶᠢᠨ ᠳᠠᠪᠤᠰᠤ ᠲᠠᠢ ᠤᠰᠤ ᠪᠤᠶᠤ ᠴᠠᠬᠢᠯᠭᠠᠨ ᠵᠠᠳᠠᠯᠤᠭᠳᠠᠬᠤᠨ ᠲᠠᠢ | ᠤᠰᠤᠨ ᠤ ᠠᠭᠤᠰᠤᠮᠠᠯ ᠢᠶᠠᠷ ᠤᠰᠤᠯᠠᠵᠤ᠂ ᠪᠠᠰᠠ ᠨᠣᠭᠤᠭᠠᠨ ᠪᠣᠷᠳᠤᠭ᠎ᠠ ᠶᠢ ᠪᠠᠭ᠎ᠠ ᠲᠡᠵᠢᠭᠡᠵᠦ᠂ ᠬᠠᠯᠠᠭᠤᠨ ᠤ | ᠰᠡᠷᠡᠯᠲᠡ ᠠᠴᠠ ᠪᠣᠯᠵᠤ ᠬᠤᠬᠢᠷᠠᠯ ᠭᠠᠷᠬᠤ ᠠᠴᠠ ᠰᠡᠷᠭᠡᠶᠢᠯᠡᠨ᠎ᠡ᠃ |