ᠮᠠᠯ ᠵᠢᠭᠦᠷᠲᠡᠨ ᠳᠤ ᠡᠮ ᠬᠡᠷᠡᠭᠯᠡᠬᠦ ᠦᠶᠡᠰ ᠢᠳᠡᠭᠦᠯᠵᠦ ᠪᠤᠯᠬᠤ ᠦᠭᠡᠢ ᠲᠡᠵᠢᠭᠡᠯ ᠪᠣᠷᠳᠤᠭ᠎ᠠ
ᠨᠡᠶᠢᠲᠡᠯᠡᠭᠰᠡᠨ ᠴᠠᠭ᠄
2024/8/14
     ᠬᠡᠪᠡᠭ᠄ ᠬᠡᠪᠡᠭ ᠤᠨ ᠹᠣᠰᠹᠣᠷ ᠤᠨ ᠠᠭᠤᠯᠤᠭᠳᠠᠴᠠ ᠨᠢ ᠺᠠᠯᠼ ᠤᠨ ᠠᠭᠤᠯᠤᠭᠳᠠᠴᠠ ᠶᠢᠨ 4 ᠳᠠᠬᠢᠨ ᠠᠴᠠ ᠳᠡᠭᠡᠭᠰᠢ ᠪᠠᠶᠢᠳᠠᠭ᠃ ᠺᠠᠯᠼ ᠹᠣᠰᠹᠣᠷ ᠲᠡᠩᠴᠡᠭᠦᠷᠢ ᠪᠠᠨ ᠠᠯᠳᠠᠭᠰᠠᠨ ᠠᠴᠠ ᠪᠣᠯᠤᠭᠰᠠᠨ ᠮᠥᠭᠡᠷᠰᠦᠨ ᠤ ᠡᠪᠡᠳᠴᠢᠨ ᠪᠤᠶᠤ ᠶᠠᠰᠤ ᠵᠥᠭᠡᠯᠡᠷᠡᠬᠦ ᠡᠪᠡᠳᠴᠢᠨ ᠢ ᠵᠠᠰᠠᠬᠤ ᠳᠤ ᠬᠡᠪᠡᠭ ᠲᠡᠵᠢᠭᠡᠬᠦ ᠪᠠᠨ ᠵᠣᠭᠰᠣᠨ᠎ᠠ᠃ ᠰᠢᠷ᠎ᠠ ᠪᠤᠷᠴᠠᠭ᠄ ᠰᠢᠷ᠎ᠠ ᠪᠤᠷᠴᠠᠭ ᠲᠤ ᠨᠡᠯᠢᠶᠡᠳ ᠠᠷᠪᠢᠨ ᠺᠠᠯᠼ᠂ ᠮᠠᠭᠨᠢ ᠵᠡᠷᠭᠡ ᠠᠭᠤᠯᠤᠭᠳᠠᠵᠤ᠂ ᠰᠧ ᠬᠤᠸᠠᠨ ᠰᠦ᠋ ᠶᠢᠨ ᠲᠥᠷᠥᠯ ᠤᠨ ᠡᠮ ︵ᠰᠧ ᠬᠤᠸᠠᠨ ᠰᠦ᠋᠂ ᠲᠦ᠋ ᠮᠧᠢ ᠰᠦ᠋᠂ ᠴᠢᠶᠠᠩ ᠯᠢ ᠮᠸᠢ ᠰᠦ᠋ ᠵᠡᠷᠭᠡ︶ ᠲᠠᠢ ᠨᠡᠶᠢᠯᠡᠭᠡᠳ ᠤᠰᠤᠨ ᠳᠤ ᠠᠭᠤᠰᠬᠤ ᠦᠭᠡᠢ ᠪᠠᠶᠢᠵᠤ᠂ ᠰᠢᠩᠭᠡᠭᠡᠬᠦ ᠳᠤ ᠬᠦᠴᠢᠷ ᠣᠷᠤᠨᠵᠢᠪᠤᠷᠢ ᠪᠣᠳᠠᠰ ᠪᠣᠯᠵᠤ᠂ ᠡᠳᠡᠭᠡᠷ ᠨᠢᠶᠠᠨ ᠳᠠᠷᠤᠭᠴᠢ ᠶᠢᠨ ᠡᠮᠴᠢᠯᠡᠭᠡᠨ ᠤ ᠦᠢᠯᠡᠳᠦᠯ ᠢ ᠨᠢ ᠪᠠᠭᠤᠷᠠᠭᠤᠯᠳᠠᠭ᠃ ᠡᠳᠡᠭᠡᠷ ᠨᠢᠶᠠᠨ ᠳᠠᠷᠤᠭᠴᠢ ᠶᠢ ᠬᠡᠷᠡᠭᠯᠡᠵᠦ ᠡᠪᠡᠳᠴᠢᠨ ᠢ ᠰᠡᠷᠭᠡᠶᠢᠯᠡᠨ ᠵᠠᠰᠠᠬᠤ ᠬᠤᠭᠤᠴᠠᠭᠠᠨ ᠳᠤ ᠪᠤᠷᠴᠠᠭ ᠤᠨ ᠵᠦᠢᠯ ᠪᠠ ᠰᠢᠬᠠᠳᠠᠰᠤ ᠶᠢᠨ ᠵᠦᠢᠯ ᠤᠨ ᠪᠣᠷᠳᠤᠭ᠎ᠠ ᠶᠢ ᠪᠠᠭ᠎ᠠ ᠢᠳᠡᠭᠦᠯᠬᠦ ᠪᠤᠶᠤ ᠢᠳᠡᠭᠦᠯᠬᠦ ᠦᠭᠡᠢ ᠪᠠᠶᠢᠪᠠᠯ ᠵᠣᠬᠢᠨ᠎ᠠ᠃ ᠬᠥᠪᠥᠩ ᠤᠨ ᠦᠷ᠎ᠡ ᠶᠢᠨ ᠪᠣᠣᠪᠤ᠄ ᠬᠥᠪᠥᠩ ᠤᠨ ᠦᠷ᠎ᠡ ᠶᠢᠨ ᠪᠣᠣᠪᠤ ᠸᠢᠲ᠋ᠠᠮᠢᠨ A ᠰᠢᠩᠭᠡᠬᠡᠨ ᠠᠪᠴᠤ ᠠᠰᠢᠭᠯᠠᠬᠤ ᠶᠢ ᠨᠥᠯᠥᠭᠡᠯᠡᠨ᠎ᠡ᠂ ᠸᠢᠲ᠋ᠠᠮᠢᠨ A ᠳᠤᠲᠠᠭᠳᠠᠬᠤ ᠶᠢ ᠰᠡᠷᠭᠡᠶᠢᠯᠡᠬᠦ ᠦᠶ᠎ᠡ ᠳᠤ ᠬᠥᠪᠥᠩ ᠤᠨ ᠦᠷ᠎ᠡ ᠶᠢᠨ ᠪᠣᠣᠪᠤ ᠲᠡᠵᠢᠭᠡᠬᠦ ᠪᠠᠨ ᠵᠣᠭᠰᠣᠪᠠᠯ ᠵᠣᠬᠢᠨ᠎ᠠ᠃ ᠺᠠᠯᠼᠯᠢᠭ ᠲᠡᠵᠢᠭᠡᠯ ᠪᠣᠷᠳᠤᠭ᠎ᠠ᠄ ᠰᠧ ᠬᠤᠸᠠᠨ ᠰᠦ᠋ ᠶᠢᠨ ᠲᠥᠷᠥᠯ ᠤᠨ ᠪᠠᠺᠲ᠋ᠧᠷᠢ ᠡᠰᠡᠷᠭᠦᠴᠡᠬᠦ ᠡᠳ᠋ ᠢ ᠬᠡᠷᠡᠭᠯᠡᠬᠦ ᠳᠡᠭᠡᠨ ᠴᠣᠬᠤᠢ᠂ ᠶᠠᠰᠤᠨ ᠤ ᠲᠠᠯᠬ᠎ᠠ᠂ ᠬᠢᠰᠤᠭ᠎ᠠ ᠶᠢᠨ ᠲᠠᠯᠬ᠎ᠠ᠂ ᠥᠨᠳᠡᠭᠡᠨ ᠬᠠᠯᠢᠰᠤᠨ ᠤ ᠲᠠᠯᠬ᠎ᠠ᠂ ᠵᠤᠭᠠᠩ ᠤᠨ ᠲᠠᠯᠬ᠎ᠠ ᠵᠡᠷᠭᠡ ᠺᠠᠯᠼ ᠤᠨ ᠲᠦᠷᠦᠯ ᠤᠨ ᠲᠡᠵᠢᠭᠡᠯ ᠪᠣᠷᠳᠤᠭ᠎ᠠ ᠶᠢ ᠲᠡᠵᠢᠭᠡᠬᠦ ᠪᠠᠨ ᠵᠣᠭᠰᠣᠵᠤ᠂ ᠺᠠᠯᠼ ᠬᠡᠲᠦᠷᠡᠭᠰᠡᠨ ᠠᠴᠠ ᠪᠣᠯᠵᠤ ᠲᠡᠮᠦᠷ ᠤᠨ ᠰᠢᠩᠭᠡᠭᠡᠯᠲᠡ ᠶᠢ ᠨᠥᠯᠥᠭᠡᠯᠡᠬᠦ ᠠᠴᠠ ᠵᠠᠶᠢᠯᠠᠰᠬᠢᠨ᠎ᠡ᠃ ᠢᠳᠡᠭᠡᠨ ᠤ ᠳᠠᠪᠤᠰᠤ᠄ ᠳᠣᠣᠷᠠᠬᠢ ᠪᠠᠶᠢᠳᠠᠯ ᠳᠤ ᠳᠠᠪᠤᠰᠤ ᠲᠡᠵᠢᠭᠡᠬᠦ ᠶᠢ ᠬᠢᠵᠠᠭᠠᠷᠯᠠᠬᠤ ᠪᠤᠶᠤ ᠢᠳᠡᠬᠦ ᠪᠠᠨ ᠵᠣᠭᠰᠣᠬᠤ ᠬᠡᠷᠡᠭᠲᠡᠢ︔ ᠨᠢᠭᠡ ᠳᠤ ᠂ ᠪᠷᠤᠮᠳᠤ ᠨᠢᠭᠡᠳᠪᠦᠷᠢ ᠶᠢᠨ ᠨᠠᠶᠢᠷᠠᠯᠭ᠎ᠠ ᠶᠢ ᠬᠡᠷᠡᠭᠯᠡᠬᠦ ᠦᠶ᠎ᠡ ᠳᠤ᠂ ᠢᠳᠡᠰᠢᠨ ᠤ ᠳᠠᠪᠤᠰᠤᠨ ᠳᠠᠬᠢ ᠾᠯᠣᠷ ᠢᠶᠤᠨ ᠪᠣᠯᠣᠨ ᠪᠷᠤᠮᠳᠤ ᠢᠶᠤᠨ ᠤ ᠲᠦᠷᠭᠡᠨ ᠢᠯᠭᠠᠷᠠᠬᠤ ᠶᠢ ᠰᠡᠷᠭᠡᠶᠢᠯᠡᠨ᠎ᠡ᠃ ᠬᠤᠶᠠᠷ ᠲᠤ᠂ ᠯᠢᠶᠠᠨ ᠮᠧᠶ ᠰᠦ᠋ ᠤᠤᠭᠤᠯᠭᠠᠬᠤ ᠦᠶ᠎ᠡ ᠳᠤ᠂ ᠯᠢᠶᠠᠨ ᠮᠧᠶ ᠰᠦ᠋ ᠶᠢᠨ ᠡᠮᠴᠢᠯᠡᠭᠡᠨ ᠤ ᠠᠴᠢ ᠲᠤᠰᠠ ᠶᠢ ᠪᠠᠭᠤᠷᠠᠭᠤᠯᠬᠤ ᠠᠴᠠ ᠵᠠᠶᠢᠯᠠᠰᠬᠢᠨ᠎ᠡ᠃ ᠭᠤᠷᠪᠠ ᠳᠤ᠂ ᠪᠥᠭᠡᠷ᠎ᠡ ᠶᠢᠨ ᠦᠷᠪᠢᠰᠦᠯ ᠢ ᠡᠮᠨᠡᠨ ᠵᠠᠰᠠᠬᠤ ᠬᠤᠭᠤᠴᠠᠭᠠᠨ ᠳᠤ ᠤᠰᠤ ᠪᠡᠶ᠎ᠡ ᠶᠢᠨ ᠳᠣᠲᠣᠷ᠎ᠠ ᠦᠯᠡᠳᠡᠵᠦ ᠤᠰᠤᠨ ᠬᠠᠪᠤᠩ ᠪᠣᠯᠵᠤ᠂ ᠪᠥᠭᠡᠷ᠎ᠡ ᠶᠢᠨ ᠦᠷᠪᠢᠰᠦᠯ ᠢ ᠬᠦᠨᠳᠦᠷᠡᠭᠦᠯᠬᠦ ᠠᠴᠠ ᠰᠡᠷᠭᠡᠶᠢᠯᠡᠨ᠎ᠡ᠃ ᠬᠦᠬᠦᠷᠯᠢᠭ ᠠᠮᠢᠨ ᠤ ᠲᠥᠷᠥᠯ ᠤᠨ ᠲᠡᠵᠢᠭᠡᠯ ᠪᠣᠷᠳᠣᠭᠠᠨ ᠤ ᠨᠡᠮᠡᠯᠲᠡ ᠡᠳ᠋᠄ ᠬᠦᠬᠦᠷ ᠨᠢ ᠬᠦᠬᠦᠷᠯᠢᠭ ᠠᠮᠢᠨ ᠤ ᠲᠥᠷᠥᠯ ᠤᠨ ᠡᠮᠲᠦ ᠪᠣᠳᠠᠰ ᠤᠨ ᠴᠢᠰᠤᠨ ᠳᠤ ᠦᠵᠡᠭᠦᠯᠬᠦ ᠬᠤᠣᠷᠳᠠᠯ ᠢ ᠬᠦᠨᠳᠦᠷᠡᠭᠦᠯᠵᠦ᠂ ᠬᠦᠬᠦᠷ ᠤᠨ ᠴᠢᠰᠤᠨ ᠰᠤᠳᠠᠯ ᠤᠨ ᠤᠯᠠᠭᠠᠨ ᠭᠡᠮ ᠪᠤᠶᠤ ᠤᠭᠤᠷᠠᠭᠲᠤ ᠴᠢᠰᠤᠨ ᠭᠡᠮ ᠢ ᠡᠭᠦᠰᠬᠡᠨ᠎ᠡ᠃ ᠬᠦᠬᠦᠷ ᠠᠭᠤᠯᠤᠭᠰᠠᠨ ᠡᠮᠲᠦ ᠪᠣᠳᠠᠰ᠂ ᠵᠢᠱᠢᠶᠡᠯᠡᠪᠡᠯ ᠬᠦᠬᠦᠷ ᠬᠦᠴᠢᠯ ᠤᠨ ᠮᠠᠭᠨᠢ᠂ ᠬᠦᠬᠦᠷ ᠬᠦᠴᠢᠯ ᠤᠨ ᠺᠠᠯᠼ᠂ ᠬᠦᠬᠦᠷ ᠬᠦᠴᠢᠯ ᠤᠨ ᠨᠠᠳ᠋ᠷᠢ᠂ ᠬᠢᠮᠡᠯ ᠳᠠᠪᠤᠰᠤ ᠶᠢ ᠬᠡᠷᠡᠭᠯᠡᠬᠦ ᠳᠡᠭᠡᠨ ᠬᠦᠬᠦᠷᠯᠢᠭ ᠠᠮᠢᠨ ᠤ ᠲᠥᠷᠥᠯ ᠤᠨ ᠲᠡᠵᠢᠭᠡᠯ ᠪᠣᠷᠳᠣᠭᠠᠨ ᠤ ᠨᠡᠮᠡᠯᠲᠡ ᠡᠳ᠋ ᠢ ᠬᠡᠷᠡᠭᠯᠡᠬᠦ ᠪᠠᠨ ᠵᠣᠭᠰᠣᠬᠤ ᠬᠡᠷᠡᠭᠲᠡᠢ᠃
 
ᠢᠷᠡᠯᠲᠡ᠄ ᠡᠵᠡᠨ᠎ᠠ ᠬᠤᠰᠢᠭᠤᠨ ᠤ ᠠᠷᠡᠳ ᠤᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号