ᠤᠮᠠᠷᠠᠳᠣ ᠬᠢᠯᠢ ᠶᠢᠨ ᠰᠤᠶᠤᠯ — ᠬᠦᠷ ᠬᠦᠭᠵᠢᠶᠠᠨ ᠪᠢᠯᠬᠠᠬᠰᠠᠨ ᠠᠨᠳᠠᠢ ᠪᠦᠵᠢᠭ ᠤᠨ ᠲᠤᠬᠯᠠᠯᠲᠠ
ᠨᠡᠶᠢᠲᠡᠯᠡᠭᠰᠡᠨ ᠴᠠᠭ᠄
2024/7/22
     7 ᠰᠠᠷ᠎ᠠ ᠶᠢᠨ 17 ᠤ ᠡᠳᠦᠷ᠂ ᠬᠤᠷᠴᠢᠨ ᠪᠠᠷᠠᠭᠤᠨ ᠭᠠᠷᠦᠨ ᠡᠮᠤᠨᠡᠲᠦ ᠬᠤᠰᠢᠭᠤᠨ ᠤ ᠤᠯᠠᠭᠠᠨᠮᠤᠲᠦ ᠲᠠᠯ᠎ᠠ ᠨᠤᠲᠤᠭ ᠲᠤ ᠤᠶᠠᠩᠭᠠᠲᠦ ᠡᠭᠡᠰᠢᠭ ᠬᠤᠯᠠ ᠶᠢᠨ ᠬᠤᠯᠠ ᠳᠤ ᠴᠤᠤᠷᠢᠶᠠᠳᠤᠵᠦ ᠬᠦᠷ ᠬᠥᠭᠵᠢᠶᠡᠨ ᠢᠶᠠᠷ ᠪᠢᠯᠬᠠᠵᠤ᠂ ᠬᠤᠯᠠ ᠤᠶᠢᠷ᠎ᠠ ᠶᠢᠨ ᠵᠤᠴᠢᠳ ᠨᠠᠭᠠᠳᠦᠮᠴᠢᠳ ᠤᠨ ᠠᠩᠬᠠᠷᠦᠯ ᠢ ᠲᠠᠳᠠᠨ᠎ᠠ᠃ ᠡᠨᠡ ᠪᠤᠯ ᠳᠠᠷᠦᠢ 2024 ᠣᠨ ᠤ ᠬᠢᠩᠭᠠᠨ ᠠᠶᠢᠮᠠᠭ ᠤᠨ ᠨᠠᠭᠠᠳᠤᠮ ᠤᠨ ᠤᠯᠠᠷᠢᠯ ᠤᠨ ᠡᠬᠢᠯᠠᠯᠲᠠ ᠶᠢᠨ ᠶᠤᠰᠤᠯᠠᠯ ᠪᠤᠯᠦᠨ᠎ᠠ᠃      ᠡᠬᠢᠯᠠᠯᠲᠠ ᠶᠢᠨ ᠶᠤᠰᠤᠯᠠᠯ ᠳᠤ᠂ ᠬᠢᠩᠭᠠᠨ ᠠᠶᠢᠮᠠᠭ ᠤᠨ ᠰᠣᠶᠣᠯ ᠤᠨ ᠣᠷᠳᠣᠨ ᠨᠢ ᠡᠯ᠎ᠡ ᠬᠤᠰᠢᠭᠤ ᠰᠢᠶᠠᠨ ᠬᠤᠲᠠ ᠶᠢᠨ ᠰᠣᠶᠣᠯ ᠤᠨ ᠣᠷᠳᠣᠨ ᠲᠠᠢ ᠬᠠᠮᠲᠤᠷᠠᠨ 400 ᠭᠠᠷᠦᠢ ᠠᠭᠤᠳᠠᠮ ᠲᠠᠯᠠᠪᠠᠢ ᠶᠢᠨ ᠪᠦᠵᠢᠭ ᠤᠨ ᠲᠤᠷ᠎ᠠ ᠪᠠᠭ᠋ᠠᠲᠠᠳ ᠢ ᠵᠤᠬᠢᠶᠠᠨ ᠪᠠᠶᠢᠭᠤᠯᠦᠨ ᠪᠦᠬᠦ ᠠᠶᠢᠮᠠᠭ ᠤᠨ ᠠᠭᠤᠳᠠᠮ ᠲᠠᠯᠠᠪᠠᠢ ᠶᠢᠨ ᠪᠥᠵᠢᠭ ᠤᠨ ᠲᠤᠬᠯᠠᠯᠲᠠ ᠭᠠᠷᠭᠠᠵᠦ᠂ ᠨᠠᠭᠠᠳᠦᠮ ᠤᠨ ᠤᠯᠠᠷᠢᠯ ᠤᠨ ᠡᠬᠢᠯᠠᠯᠲᠠ ᠶᠢᠨ ᠶᠤᠰᠤᠯᠠᠯ ᠬᠦᠷ ᠬᠦᠭᠵᠢᠶᠠᠨ ᠨᠡᠮᠡᠭᠰᠡᠨ ᠪᠠᠶᠢᠨ᠎ᠠ᠃      ᠡᠬᠢᠯᠡᠯᠲᠡ ᠶᠢᠨ ᠶᠣᠰᠣᠯᠠᠯ ᠳᠡᠭᠡᠷ᠎ᠡ᠂ ᠲᠤᠬᠯᠠᠬᠴᠢᠳ ᠠᠴᠠ ︽ᠡᠬᠡ ᠤᠯᠤᠰ ᠤᠨ ᠤᠮᠠᠷᠠᠲᠤ ᠬᠢᠯᠢ ᠳᠤ ᠢᠷᠡᠭᠡᠷᠠᠢ︾᠂ ︽ᠠᠨᠳᠠᠶ ᠪᠥᠵᠢᠭ︾᠂ ︽ᠰᠢᠨ᠎ᠡ ᠴᠠᠭ ᠦᠶ᠎ᠡ ᠶᠢ ᠮᠠᠭᠲᠠᠨ ᠳᠠᠭᠤᠯᠠᠶ᠎ᠠ︾ ᠵᠡᠷᠭᠡ ᠭᠤᠶᠢᠳᠠ ᠰᠠᠶᠢᠬᠠᠨ ᠲᠣᠭᠯᠠᠯᠲᠠ ᠭᠠᠷᠭᠠᠵᠦ ᠲᠤᠬᠠᠶ ᠶᠢᠨ ᠲᠠᠯᠠᠪᠠᠶ ᠶᠢᠨ ᠠᠭᠤᠷ ᠠᠮᠢᠰᠬᠤᠯ ᠢ ᠬᠦᠷ ᠬᠦᠭᠵᠢᠶᠠᠨ ᠢᠶᠠᠷ ᠪᠢᠯᠬᠠᠭᠤᠯᠵᠦ᠂ ᠪᠠᠶᠠᠷ ᠪᠠᠶᠠᠰᠬᠤᠯᠠᠩᠲᠤ ᠪᠥᠵᠢᠭ ᠤᠨ ᠤᠶᠢᠯᠡ ᠬᠦᠳᠡᠯᠦᠯ ᠢᠶᠠᠷ ᠢᠶᠠᠨ ᠲᠠᠯ᠎ᠠ ᠨᠤᠲᠤᠭ ᠤᠨ ᠮᠠᠯᠴᠢᠨ ᠲᠦᠮᠡᠨ ᠪᠠ ᠬᠤᠯᠠ ᠤᠶᠢᠷ᠎ᠠ ᠶᠢᠨ ᠵᠤᠴᠢᠳ ᠨᠠᠭᠠᠳᠦᠮᠴᠢᠳ ᠢᠶᠠᠨ ᠪᠠᠶᠠᠰᠬᠠᠬᠰᠠᠨ ᠪᠠᠶᠢᠨ᠎ᠠ᠃
 
ᠢᠷᠡᠯᠲᠡ᠄ ᠬᠢᠩᠭᠠᠨ ᠤ ᠡᠳᠣᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号