ᠣᠯᠠᠨ ᠤ ᠤᠬᠠᠭᠠᠨ ᠬᠠᠮᠲᠤ ᠶᠢᠨ  ᠬᠦᠴᠣᠨ ᠳᠤ ᠠᠮᠣᠷ ᠲᠦᠪᠰᠢᠨ ᠤ ᠰᠠᠷᠭᠡᠶᠢᠯᠡᠯᠳᠡ ᠶᠢᠨ ᠭᠡᠷᠡᠮ ᠢ ᠪᠠᠳᠣ ᠴᠣᠬᠴᠠᠯᠠᠵᠣ ᠪᠠᠶᠢᠭ᠎ᠠ ᠵᠢᠷᠣᠮ ᠤᠨ ᠴᠠᠬᠳᠠᠭ᠎ᠠ
ᠨᠡᠶᠢᠲᠡᠯᠡᠭᠰᠡᠨ ᠴᠠᠭ᠄
2024/6/4
      ︽ᠴᠠᠰᠤᠲᠤ ᠬᠤᠲᠠ ᠶᠢᠨ ᠵᠢᠷᠤᠮ ᠤᠨ ᠴᠠᠭᠳᠠᠭ᠎ᠠ︾ ᠨᠢ ᠷᠠᠰᠢᠶᠠᠨ ᠬᠤᠲᠠ ᠶᠢᠨ ᠨᠠᠮ ᠵᠠᠰᠠᠭ ᠴᠡᠷᠢᠭ ᠴᠠᠭᠳᠠᠭ᠎ᠠ ᠠᠷᠠᠳ ᠬᠦᠴᠦ ᠪᠠᠨ ᠬᠠᠮᠲᠤᠳᠬᠠᠨ ᠬᠢᠯᠢ ᠬᠢᠵᠠᠭᠠᠷ ᠢ ᠬᠦᠴᠦᠷᠬᠡᠭᠵᠢᠭᠦᠯᠵᠦ ᠰᠡᠷᠭᠡᠶᠢᠯᠡᠯᠲᠡ ᠶᠢ ᠪᠠᠬᠢᠵᠢᠭᠦᠯᠬᠦ ᠶᠢᠨ ᠴᠢᠬᠤᠯᠠ ᠪᠦᠷᠢᠯᠳᠦᠬᠦᠨ ᠬᠡᠰᠡᠭ ᠪᠣᠯᠤᠭᠰᠠᠨ ᠤ ᠬᠤᠪᠢ ᠳᠤ᠂ ᠬᠢᠯᠢ ᠬᠢᠵᠠᠭᠠᠷ ᠢ ᠲᠣᠭᠤᠷᠢᠨ ᠪᠠᠶᠢᠴᠠᠭᠠᠬᠤ᠂ ᠶᠠᠯᠠᠲᠤ ᠠᠵᠢᠯᠯᠠᠭ᠎ᠠ ᠳᠤ ᠴᠣᠬᠢᠯᠲᠠ ᠥᠭᠬᠦ᠂ ᠠᠮᠤᠷ ᠲᠦᠪᠰᠢᠨ ᠤ ᠰᠡᠷᠭᠡᠶᠢᠯᠡᠯᠲᠡ ᠵᠡᠷᠭᠡ ᠲᠠᠯ᠎ᠠ ᠪᠠᠷ ᠴᠢᠬᠤᠯᠠ ᠦᠢᠯᠡᠳᠦᠯ ᠦᠵᠡᠭᠦᠯᠵᠦ ᠪᠠᠶᠢᠨ᠎ᠠ᠃      ᠲᠦᠷᠦᠭᠦᠬᠡᠨ᠂ ᠷᠠᠰᠢᠶᠠᠨ ᠬᠤᠲᠠ ᠶᠢᠨ ᠷᠠᠰᠢᠶᠠᠨ ᠵᠡᠭᠡᠯᠢ ᠶᠢᠨ ᠰᠠᠭᠤᠭᠠᠯᠢ ᠠᠷᠠᠳ ᠯᠢᠦ ᠨᠠᠰᠤᠳᠠᠨ ᠪᠠᠩᠬᠢ ᠳᠤ ᠬᠠᠮᠢᠶ᠎ᠠ ᠪᠦᠬᠦᠢ ᠲᠤᠬᠠᠶᠢᠯᠠᠭᠰᠠᠨ ᠠᠵᠢᠯ ᠢᠶᠠᠨ ᠭᠦᠢᠴᠡᠳᠭᠡᠬᠦ ᠪᠠᠷ ᠲᠦᠷᠢᠶᠡᠰᠦᠨ ᠮᠠᠰᠢᠨ ᠳᠤ ᠰᠠᠭᠤᠯ᠎ᠠ᠃ ᠵᠠᠮ ᠵᠠᠭᠤᠷ᠎ᠠ᠂ ᠯᠢᠦ ᠨᠠᠰᠤᠳᠠᠨ᠄ ︽ᠪᠢ ᠤᠳᠠᠯ ᠦᠭᠡᠢ ᠪᠠᠩᠬᠢ ᠳᠤ ᠬᠦᠷᠦᠨ᠎ᠡ᠂ ᠲᠠᠨᠤᠰ ᠲᠤ ᠵᠣᠭᠤᠰ ᠭᠤᠪᠢᠭᠤᠯᠴᠢᠬᠠᠪᠠᠯ ᠵᠠᠷᠭᠤ ᠲᠠᠢ ᠬᠤᠯᠪᠤᠬᠳᠠᠬᠤ ᠦᠭᠡᠢ᠂ ᠲᠡᠶᠢᠮᠤ ᠤᠤ︖︾ ᠭᠡᠵᠦ ᠪᠠᠴᠢᠮᠳᠠᠨ ᠠᠰᠠᠭᠤᠨ᠎ᠠ᠃ ᠡᠬᠦᠨ ᠢ ᠰᠣᠨᠣᠰᠤᠭᠰᠠᠨ ︽ᠴᠠᠰᠤᠳᠤ ᠬᠤᠳᠠ ᠶᠢᠨ ᠵᠢᠷᠤᠮ ᠤᠨ ᠴᠠᠭᠳᠠᠭ᠎ᠠ︾ ᠲᠦᠷᠢᠶᠡᠰᠦᠨ ᠮᠠᠰᠢᠨ ᠤ ᠵᠢᠯᠣᠭᠤᠴᠢ ᠶᠠᠩ ᠶᠦᠨ ᠵᠦ ᠨᠠᠰᠤᠳᠠᠨ ᠴᠠᠬᠢᠯᠭᠠᠨ ᠬᠤᠯᠪᠣᠭᠠᠨ ᠤ ᠮᠡᠬᠡᠯᠡᠯ ᠳᠤ ᠤᠴᠠᠷᠠᠭᠰᠠᠨ ᠮᠠᠭᠠᠳ ᠭᠡᠵᠦ ᠰᠡᠵᠢᠭᠯᠡᠪᠡ᠃ ᠶᠠᠩ ᠶᠦᠨ ᠵᠦ ᠨᠠᠰᠤᠳᠠᠨ ᠢ ᠢᠳᠬᠠᠨ ᠬᠤᠷᠢᠬᠯᠠᠬᠰᠠᠨ ᠪᠤᠯᠪᠠᠴᠦ ᠳᠤᠰᠠ ᠪᠤᠯᠤᠬᠰᠠᠨ ᠦᠭᠡᠢ ᠲᠤᠯᠠ ᠷᠠᠰᠢᠶᠠᠨ ᠬᠢᠯᠢ ᠶᠢᠨ ᠲᠣᠮᠢᠯᠠᠭᠰᠠᠨ ᠰᠠᠯᠪᠤᠷᠢ ᠳᠤ ᠬᠡᠷᠡᠭ ᠮᠡᠳᠡᠭᠦᠯᠪᠡ᠃ ᠠᠷᠠᠳ ᠤᠨ ᠴᠠᠭᠳᠠᠭ᠎ᠠ ᠲᠡᠷᠡ ᠲᠠᠷᠤᠢ ᠳᠤᠨᠢ ᠪᠠᠩᠬᠢ ᠳᠤ ᠬᠦᠷᠴᠦ᠂ ᠨᠠᠰᠤᠳᠠᠨ ᠢ ᠢᠳᠬᠠᠨ ᠮᠡᠬᠡᠯᠡᠭᠴᠢ ᠶᠢᠨ ᠠᠷᠭ᠎ᠠ ᠪᠠᠰᠢᠷ ᠢ ᠢᠯᠡᠴᠢᠯᠡᠵᠦ᠂ ᠨᠠᠰᠤᠳᠠᠨ ᠤ ᠡᠳ᠋ ᠮᠦᠩᠬᠦ ᠶᠢ ᠨᠢ ᠬᠠᠮᠠᠭᠠᠯᠠᠪᠠ᠃      ᠦᠨᠤ ᠬᠡᠳᠦᠨ ᠵᠢᠯ ᠴᠠᠬᠢᠯᠭᠠᠨ ᠬᠤᠯᠪᠣᠭᠠᠨ ᠤ ᠮᠡᠬᠡᠯᠡᠯ ᠤᠨ ᠬᠡᠷᠡᠭ ᠣᠯᠠᠨᠲᠠ ᠡᠭᠦᠰᠴᠦ᠂ ᠬᠠᠷᠢᠶᠠᠳᠤ ᠣᠷᠣᠨ ᠤ ᠨᠠᠰᠤᠲᠠᠠ ᠣᠯᠠᠨ᠂ ᠢᠯᠭᠠᠨ ᠲᠠᠨᠢᠬᠤ ᠴᠢᠳᠠᠪᠤᠷᠢ ᠳᠤᠤᠷ᠎ᠠ᠂ ᠰᠡᠷᠭᠡᠶᠢᠯᠡᠬᠦ ᠤᠬᠠᠮᠰᠠᠷ ᠪᠠᠭᠤᠷᠠᠶ ᠪᠠᠶᠢᠬᠤ ᠪᠣᠳᠠᠲᠤ ᠪᠠᠶᠢᠳᠠᠯ ᠳᠤ ᠴᠢᠭᠯᠡᠭᠦᠯᠦᠨ᠂ ︽ᠴᠠᠰᠤᠲᠤ ᠬᠤᠲᠠ ᠶᠢᠨ ᠵᠢᠷᠤᠮ ᠤᠨ ᠴᠠᠭᠳᠠᠭ᠎ᠠ︾ ᠮᠡᠬᠡᠯᠡᠯ ᠢ ᠡᠰᠡᠷᠭᠦᠴᠡᠬᠦ ᠤᠬᠠᠭᠤᠯᠭ᠎ᠠ ᠶᠢᠨ ᠠᠵᠢᠯ ᠢ ᠰᠠᠨᠠᠭᠠᠴᠢᠯᠠᠭ᠎ᠠ ᠠᠴᠠ ᠪᠠᠨ ᠡᠭᠦᠷᠭᠡᠯᠡᠵᠦ᠂ 1000 ᠭᠠᠷᠤᠶ ᠣᠯᠠᠨ ᠲᠦᠮᠡᠨ ᠢ ᠬᠠᠪᠰᠤᠷᠤᠨ ᠤᠯᠤᠰ ᠤᠨ ᠮᠡᠬᠡᠯᠡᠯ ᠢ ᠡᠰᠡᠷᠭᠦᠴᠡᠬᠦ APP ᠶᠢ ᠪᠠᠭᠤᠯᠭᠠᠨ ᠤᠬᠰᠠᠷᠠᠵᠤ᠂ ᠮᠡᠬᠡᠯᠡᠯ ᠢ ᠡᠰᠡᠷᠭᠦᠴᠡᠬᠦ ᠤᠬᠠᠭᠤᠯᠭ᠎ᠠ ᠶᠢᠨ ᠠᠵᠢᠯᠯᠠᠭ᠎ᠠ ᠶᠢ 30 ᠭᠠᠷᠤᠶ ᠤᠳᠠᠭ᠎ᠠ ᠥᠷᠨᠢᠭᠦᠯᠵᠦ᠂ ᠠᠶᠤᠯ ᠲᠦᠭᠰᠢᠭᠦᠷᠢ ᠶᠡᠬᠡᠲᠡᠶ 23 ᠤᠳᠠᠭ᠎ᠠ ᠶᠢᠨ ᠮᠡᠬᠡᠯᠡᠯ ᠤᠨ ᠬᠡᠷᠡᠭ ᠡᠭᠦᠰᠬᠦ ᠶᠢ ᠢᠳᠬᠠᠨ ᠬᠤᠷᠢᠭᠯᠠᠵᠤ᠂ 500 ᠭᠠᠷᠤᠶ ᠲᠦᠮᠡᠨ ᠲᠥᠭᠦᠷᠢᠭ ᠤᠨ ᠬᠤᠬᠢᠷᠠᠯ ᠢ ᠡᠭᠡᠭᠦᠯᠤᠨ ᠠᠪᠴᠢᠷᠠᠪᠠ᠃      ᠷᠠᠰᠢᠶᠠᠨ ᠬᠤᠳᠡ ᠶᠢᠨ ᠵᠡᠭᠡᠯᠢ ᠪᠠᠷ ᠶᠠᠪᠤᠬᠤ ᠳᠤ᠂ ᠶᠠᠩ ᠶᠦᠨ ᠵᠦ ᠲᠠᠢ ᠠᠳᠠᠯᠢᠬᠠᠨ ᠣᠯᠠᠭᠠᠨ ᠡᠯᠢᠭᠡᠪᠴᠢ ᠡᠮᠦᠰᠴᠦ ᠂ ᠤᠯᠠᠭᠠᠨ ᠮᠠᠯᠠᠭᠠᠢ ᠵᠡᠭᠦᠭᠰᠡᠨ ︽ᠴᠠᠰᠤᠲᠤ ᠬᠤᠳᠠ ᠶᠢᠨ ᠵᠢᠷᠤᠮ ᠤᠨ ᠴᠠᠭᠳᠠᠭ᠎ᠠ︾ ᠤᠯᠠᠨ ᠬᠠᠷᠠᠭᠳᠠᠨ᠎ᠠ᠃ 2019 ᠣᠨ ᠳᠤ ᠠᠩᠬ᠎ᠠ ᠪᠠᠶᠢᠭᠤᠯᠤᠭᠳᠠᠭᠤ ᠦᠶ᠎ᠡ ᠶᠢᠨ ︽ᠴᠠᠰᠤᠲᠤ ᠬᠤᠳᠠ ᠶᠢᠨ ᠵᠢᠷᠤᠮ ᠤᠨ ᠴᠠᠭᠳᠠᠭ᠎ᠠ︾ 75 ᠬᠥᠮᠦᠨ ᠪᠠᠶᠢᠬᠰᠠᠨ ᠠᠴᠠ ᠪᠠᠨ ᠤᠳᠤ ᠶᠢᠨ 900 ᠰᠢᠬᠠᠮ ᠬᠥᠮᠦᠨ ᠬᠦᠷᠲᠡᠯ᠎ᠡ᠂ ᠲᠡᠳᠡᠨᠠᠷ ᠪᠤᠯ ᠠᠮᠤᠷ ᠢ ᠬᠠᠮᠠᠭᠠᠯᠠᠬᠤ ︽ᠠᠵᠢᠭᠯᠠᠯᠲᠠ ᠶᠢᠨ ᠴᠡᠭ︾᠂ ︽ᠨᠡᠭᠦᠳᠡᠯ ᠬᠠᠷᠠᠭᠤᠯ︾ ᠪᠤᠯᠤᠨ᠎ᠠ᠃ ᠡᠳᠡᠭᠡᠷ ᠬᠦᠮᠤᠰ ᠤᠨ ᠵᠠᠷᠢᠮ ᠨᠢ ᠲᠦᠷᠭᠡᠨ ᠬᠦᠷᠭᠡᠭᠴᠢ ᠂ ᠴᠡᠪᠡᠷᠯᠡᠭᠴᠢ᠂ ᠲᠦᠷᠢᠶᠡᠰᠦᠨ ᠮᠠᠰᠢᠨ ᠤ ᠵᠢᠯᠣᠭᠤᠴᠢ᠂ ᠠᠵᠢᠯ ᠠᠴᠠ ᠪᠠᠨ ᠠᠮᠠᠷᠠᠭᠰᠠᠨ ᠺᠠᠳ᠋ᠷ ᠵᠡᠷᠭᠡ ᠪᠠᠶᠢᠵᠤ᠂ ᠲᠡᠳᠡ ᠬᠦᠴᠦᠨ ᠪᠠᠨ ᠬᠠᠮᠳᠤᠳᠬᠠᠨ ᠤᠯᠠᠨ ᠪᠦᠬᠦᠳᠡᠭᠡᠷ ᠲᠤ ᠠᠮᠤᠷ ᠲᠥᠪᠰᠢᠨ ᠤᠷᠴᠢᠨ ᠠᠬᠤᠢ ᠶᠢ ᠪᠤᠢ ᠪᠤᠯᠭᠠᠬᠤ ᠳᠤ ᠦᠢᠯᠡᠴᠢᠯᠡᠨ᠎ᠡ᠃
 
ᠢᠷᠡᠯᠲᠡ᠄ ᠬᠢᠩᠭᠠᠨ ᠤ ᠡᠳᠣᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号