ᠸᠧᠨᠴᠢᠣᠸᠠᠨ ᠵᠡᠭᠡᠯᠢ ᠶᠢᠨ ᠱᠧᠨᠴᠢᠤᠸᠠᠨ ᠨᠡᠶᠢᠭᠡᠮ ᠳᠤᠭᠤᠷᠢᠭ ᠤᠯᠠᠭᠠᠨᠮᠦ᠋ᠴᠢᠷ ᠤᠨ ᠳᠤᠭᠯᠠᠯᠳᠠ ᠶᠢ ᠨᠡᠶᠢᠭᠡᠮ ᠳᠤᠭᠤᠷᠢᠭ ᠲᠤ ᠬᠦᠷᠭᠡᠵᠤ ᠪᠤᠢ
ᠨᠡᠶᠢᠲᠡᠯᠡᠭᠰᠡᠨ ᠴᠠᠭ᠄
2024/6/27
       ᠨᠠᠮ ᠤᠨ ᠦᠨᠳᠦᠰᠦᠳᠡᠨ ᠤ ᠳᠦᠷᠦ ᠶᠢᠨ ᠪᠤᠳᠤᠯᠭ᠎ᠠ ᠶᠢ ᠬᠦᠨᠵᠡᠭᠡᠢ ᠳᠤᠭᠤᠰᠢᠯᠠᠭᠤᠯᠤᠨ ᠨᠠᠶᠢᠳᠠᠪᠤᠷᠢᠵᠢᠭᠤᠯᠵᠤ᠂ ᠳᠤᠮᠳᠠᠳᠤ ᠶᠢᠨ ᠦᠨᠳᠦᠰᠦᠳᠡᠨ ᠤ ᠬᠠᠮᠳᠤ ᠶᠢᠨ ᠴᠤᠭᠴᠠ ᠶᠢᠨ ᠤᠬᠠᠮᠰᠠᠷ ᠢ ᠪᠠᠳᠤ ᠴᠤᠭᠴᠠᠯᠠᠬᠤ ᠪᠠᠷ ᠤᠶᠢᠷ᠎ᠠ ᠶᠢᠨ ᠡᠳᠦᠷ᠂ ᠷᠠᠰᠢᠶᠠᠨ ᠬᠤᠳᠠ ᠶᠢᠨ ᠸᠧᠨᠴᠢᠣᠸᠠᠨ ᠵᠡᠭᠡᠯᠢ ᠶᠢᠨ ᠱᠧᠨᠴᠢᠤᠸᠠᠨ ᠨᠡᠶᠢᠭᠡᠮ ᠳᠤᠭᠤᠷᠢᠭ ᠤᠨ ᠰᠢᠨ᠎ᠡ ᠴᠠᠭ ᠦᠶ᠎ᠡ ᠶᠢᠨ ᠪᠤᠯᠪᠠᠰᠤᠨ ᠦᠢᠯᠡᠳᠦᠯᠭᠡ ᠶᠢᠨ ᠦᠷᠳᠡᠭᠡ ᠷᠠᠰᠢᠶᠠᠨ ᠬᠤᠳᠠ ᠶᠢᠨ ᠤᠯᠠᠭᠠᠨᠮᠦ᠋ᠴᠢᠷ ᠲᠠᠢ ᠬᠠᠮᠳᠤᠷᠠᠨ ︽ᠳᠤᠮᠳᠠᠳᠤ ᠶᠢᠨ ᠦᠨᠳᠦᠰᠦᠳᠡᠨ ᠤ ᠬᠠᠮᠳᠤ ᠶᠢᠨ ᠴᠤᠭᠴᠠ ᠶᠢᠨ ᠤᠬᠠᠮᠰᠠᠷ ᠢ ᠪᠠᠳᠤ ᠴᠤᠭᠴᠠᠯᠠᠬᠤ︾ ᠤᠯᠠᠭᠠᠨᠮᠦ᠋ᠴᠢᠷ ᠤᠨ ᠳᠤᠭᠯᠠᠯᠳᠠ ᠶᠢ ᠨᠡᠶᠢᠭᠡᠮ ᠳᠤᠭᠤᠷᠢᠭ ᠲᠤ ᠬᠦᠷᠭᠡᠬᠦ ᠭᠤᠤᠯ ᠰᠡᠳᠤᠪᠳᠤ ᠠᠵᠢᠯᠯᠠᠭ᠎ᠠ ᠦᠷᠨᠢᠭᠦᠯᠪᠡ᠃      ᠠᠵᠢᠯᠯᠠᠭ᠎ᠠ ᠳᠤ᠂ ᠷᠠᠰᠢᠶᠠᠨ ᠬᠤᠳᠠ ᠶᠢᠨ ᠤᠯᠠᠭᠠᠨᠮᠦ᠋ᠴᠢᠷ ᠤᠨ ᠳᠤᠭᠯᠠᠯᠳᠠ ᠶᠢᠨ ᠪᠦᠯᠬᠦᠮ ᠦᠪᠡᠷᠮᠢᠴᠡ ᠤᠨᠴᠠᠯᠢᠬᠳᠤ ᠳᠠᠭᠤᠤ ᠪᠦᠵᠢᠭ ᠤᠨ ᠳᠤᠭᠯᠠᠯᠳᠠ ᠪᠠᠷ ᠢᠶᠠᠨ ᠤᠯᠠᠨ ᠡᠰᠢᠳᠤ ᠦᠨᠳᠦᠰᠦᠳᠡᠨ ᠤ ᠰᠤᠶᠤᠯ ᠤᠨ ᠷᠢᠳᠢ ᠰᠢᠳᠢ ᠶᠢ ᠭᠠᠶᠢᠬᠠᠭᠤᠯᠪᠠ᠃ ᠠᠵᠢᠯᠯᠠᠭ᠎ᠠ ᠶᠢᠨ ᠬᠤᠭᠤᠴᠠᠭᠠᠨ ᠳᠤ᠂ ᠰᠢᠨ᠎ᠡ ᠴᠠᠭ ᠦᠶ᠎ᠡ ᠶᠢᠨ ᠪᠤᠯᠪᠠᠰᠤᠨ ᠦᠢᠯᠡᠳᠦᠯᠭᠡ ᠶᠢᠨ ᠦᠷᠳᠡᠭᠡ ᠶᠢᠨ ᠰᠠᠶᠢᠨ ᠳᠤᠷᠠᠴᠤᠤᠯ ᠠᠴᠠ ᠰᠠᠭᠤᠭᠠᠯᠢ ᠠᠷᠠᠳ ᠲᠤ ᠨᠠᠮ ᠤᠨ ᠦᠨᠳᠦᠰᠦᠳᠡᠨ ᠤ ᠳᠦᠷᠦ ᠶᠢᠨ ᠪᠤᠳᠤᠯᠭ᠎ᠠ ᠪᠤᠯᠤᠨ ᠬᠠᠤᠯᠢ ᠴᠠᠭᠠᠵᠠ ᠬᠠᠤᠯᠢ ᠳᠦᠷᠢᠮ ᠢ ᠳᠠᠶᠢᠯᠪᠤᠷᠢᠯᠡᠵᠤ᠂ ᠡᠯ᠎ᠡ ᠦᠨᠳᠦᠰᠦᠳᠡᠨ ᠤ ᠬᠤᠭᠤᠷᠤᠨᠳᠤᠬᠢ ᠪᠦᠯᠭᠦᠮᠳᠡᠯ ᠨᠢᠭᠳᠠᠷᠠᠯ᠂ ᠰᠠᠬᠢᠨ ᠪᠠᠷᠠᠯᠠᠵᠤ ᠬᠠᠷᠢᠯᠴᠠᠨ ᠬᠠᠪᠰᠤᠷᠤᠯᠴᠠᠬᠤ ᠶᠢ ᠴᠢᠩᠭᠠᠳᠬᠠᠵᠠᠢ᠃      ᠳᠤᠰ ᠤᠳᠠᠭᠠᠨ ᠤ ᠠᠵᠢᠯᠯᠠᠭ᠎ᠠ ᠪᠠᠷ ᠳᠠᠮᠵᠢᠨ᠂ ᠬᠠᠷᠢᠶ᠎ᠠ ᠤᠷᠤᠨ ᠤ ᠰᠠᠭᠤᠭᠠᠯᠢ ᠠᠷᠠᠳ ᠤᠨ ᠰᠤᠶᠤᠯ ᠤᠨ ᠠᠮᠢᠳᠤᠷᠠᠯ ᠢ ᠪᠠᠶᠠᠯᠢᠭᠵᠢᠭᠤᠯᠤᠭᠰᠠᠨ ᠢᠶᠠᠷ ᠪᠠᠷᠠᠬᠤ ᠦᠭᠡᠢ ᠵᠤᠯ ᠵᠢᠷᠭᠠᠯᠳᠤ ᠳᠦᠷᠦᠭᠳᠡᠯ᠂ ᠬᠦᠷᠳᠡᠮᠵᠢ ᠶᠢᠨ ᠳᠦᠷᠦᠭᠳᠡᠯ ᠢ ᠳᠡᠭᠡᠭᠰᠢᠯᠡᠭᠦᠯᠵᠤ᠂ ᠨᠡᠶᠢᠭᠡᠮ ᠳᠤᠭᠤᠷᠢᠭ ᠪᠤᠯᠤᠨ ᠡᠯ᠎ᠡ ᠦᠨᠳᠦᠰᠦᠳᠡᠨ ᠤ ᠠᠷᠠᠳ ᠤᠯᠠᠨ ᠤ ᠬᠠᠷᠢᠴᠠᠭ᠎ᠠ ᠶᠢ ᠨᠢᠭᠳᠠᠷᠠᠭᠤᠯᠵᠤ᠂ ᠬᠠᠮᠳᠤᠪᠠᠷ ᠪᠦᠯᠬᠦᠮᠳᠡᠨ ᠳᠡᠮᠡᠴᠡᠵᠤ ᠬᠠᠮᠳᠤᠪᠠᠷ ᠦᠷᠨᠢᠨ ᠬᠦᠭᠵᠢᠬᠦ ᠰᠠᠶᠢᠨ ᠰᠠᠶᠢᠬᠠᠨ ᠨᠡᠶᠢᠭᠡᠮ ᠤᠨ ᠪᠠᠶᠢᠳᠠᠯ ᠢ ᠪᠤᠢ ᠪᠤᠯᠭᠠᠪᠠ᠃      ︵ᠯᠢᠤ  ᠪᠥᠸᠧ︶
 
ᠢᠷᠡᠯᠲᠡ᠄ ᠬᠢᠩᠭᠠᠨ ᠤ ᠡᠳᠣᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号