ᠨᠠᠷᠡᠳᠣ ᠭᠠᠵᠡᠷ —— ᠷᠡᠰᠢᠶᠠᠨ ᠬᠤᠳᠡ
ᠨᠡᠶᠢᠲᠡᠯᠡᠭᠰᠡᠨ ᠴᠠᠭ᠄
2024/5/8
      ᠷᠡᠰᠢᠶᠠᠨ ᠬᠤᠳᠡ ᠪᠣᠯ ᠬᠢᠩᠭᠠᠨ ᠠᠶᠢᠮᠠᠭ ᠤᠨ ᠬᠤᠶᠠᠳᠣᠭᠠᠷ ᠶᠡᠭᠡ ᠬᠤᠳᠡ ᠪᠣᠯᠣᠨ᠎ᠠ᠃ ᠬᠢᠩᠭᠠᠨ ᠠᠶᠢᠮᠠᠭ  ᠤᠨ ᠣᠮᠡᠷᠡᠳᠣ ᠲᠠᠯ᠎ᠠ ᠳᠤ ᠪᠠᠶᠢᠷᠢᠯᠠᠵᠣ᠂ ᠶᠡᠭᠡ ᠬᠢᠩᠭᠠᠨ ᠲᠠᠪᠠᠭᠠᠨ ᠤ ᠣᠢ ᠰᠢᠭᠤᠶᠢᠳᠣ ᠣᠷᠣᠨ ᠤ ᠲᠣᠮᠳᠡ ᠭᠡᠰᠡᠭ  ᠲᠤ ᠣᠷᠣᠰᠢᠨ᠂ ᠵᠡᠬᠦᠨ ᠲᠠᠯ᠎ᠠ ᠪᠠᠷ ᠢᠶᠠᠨ ᠬᠦᠯᠣᠨ ᠪᠣᠶᠢᠷ᠂ ᠪᠠᠷᠡᠭᠤᠨ ᠲᠠᠯ᠎ᠠ ᠪᠠᠷ ᠢᠶᠠᠨ ᠰᠢᠯᠢ ᠶᠢᠨ ᠭᠤᠣᠯ᠂ ᠣᠮᠠᠷᠡᠳᠣ ᠲᠠᠯ᠎ᠠ ᠪᠠᠷ ᠢᠶᠠᠨ ᠮᠣᠩᠭᠤᠯ ᠣᠯᠣᠰ᠂ ᠡᠮᠣᠨᠡᠳᠣ ᠲᠠᠯ᠎ᠠ ᠪᠠᠷ ᠢᠶᠠᠨ ᠬᠤᠷᠴᠢᠨ ᠵᠡᠷᠭᠡ ᠲᠠᠯ᠎ᠠ ᠨᠣᠳᠤᠭ ᠢᠶᠠᠷ ᠬᠦᠷᠢᠶᠠᠯᠡᠭᠳᠡᠭᠰᠠᠨ ᠦᠨᠢᠷ ᠪᠠᠶᠠᠯᠢᠭ ᠠᠰᠢᠭ ᠰᠢᠮ᠎ᠠ ᠲᠠᠢ ᠡᠷᠳᠡᠨᠢᠰ ᠤᠨ ᠰᠠᠩ ᠮᠦᠨ᠃ ᠪᠠᠷᠭᠤ᠂ ᠡᠸ᠋ᠩᠬᠢ᠂ ᠦᠵᠣᠮᠣᠴᠢᠨ᠂ ᠬᠤᠷᠴᠢᠨ ᠵᠡᠷᠭᠡ ᠣᠯᠡᠨ ᠴᠦᠭᠡᠨ ᠲᠣᠭᠠᠳᠣ ᠦᠨᠳᠣᠰᠣᠳᠡᠨ ᠤ ᠣᠬᠰᠠᠭ᠎ᠠ ᠠᠶᠢᠮᠠᠭ ᠲᠠᠢ ᠬᠢᠯᠢ ᠬᠦᠷᠰᠢᠯᠡᠭᠰᠠᠨ ᠵᠣᠭᠠᠴᠠᠯ ᠤᠨ ᠴᠢᠬᠤᠯᠡ ᠭᠠᠵᠡᠷ ᠮᠦᠨ᠃       ᠷᠡᠰᠢᠶᠠᠨ ᠬᠤᠳᠡ ᠨᠢ ᠦᠪᠡᠷᠮᠢᠴᠠ ᠣᠨᠴᠠᠭᠠᠢ ᠭᠠᠵᠡᠷ ᠵᠦᠢ ᠶᠢᠨ ᠪᠠᠶᠢᠷᠢᠰᠢᠯ ᠲᠠᠢ ᠪᠠᠶᠢᠳᠠᠭ᠃ ᠲᠠᠯᠠᠢ ᠶᠢᠨ ᠲᠦᠪᠰᠢᠨ ᠠᠴᠠ 1000 ᠢᠯᠡᠬᠦᠣ ᠮᠧᠲᠷ ᠡᠷᠬᠦᠭᠳᠡᠭᠰᠠᠨ ᠠᠭᠤᠷ ᠠᠮᠢᠰᠬᠤᠯ ᠤᠨ ᠰᠢᠯᠳᠡᠭᠠᠨ ᠢᠶᠠᠷ ᠢᠶᠠᠨ ᠣᠨᠴᠠᠭᠠᠢ ᠣᠷᠣᠨ  ᠪᠦᠰᠠ ᠶᠢᠨ ᠰᠢᠨᠵᠢ ᠴᠢᠨᠠᠷ ᠪᠣᠢ ᠪᠣᠯᠣᠬᠰᠠᠨ ᠶᠣᠮ᠃ ᠡᠷᠳᠡ ᠭᠠᠯᠪᠡ ᠶᠢᠨ ᠦᠶ᠎ᠠ ᠶᠢᠨ ᠭᠠᠯᠳᠣ ᠠᠭᠤᠯᠡ  ᠶᠢᠨ ᠲᠡᠯᠪᠡᠷᠡᠯᠳᠡ ᠠᠴᠠ ᠡᠬᠦᠰᠥᠭᠰᠠᠨ ᠲᠠᠯᠠᠭᠡᠢ ᠶᠢᠨ ᠴᠡᠷᠴᠡᠳᠡᠰᠣ ᠶᠢᠨ ᠮᠠᠬᠮᠠ ᠶᠢᠨ ᠰᠦᠷᠴᠢᠮᠠᠯ ᠤᠨ ᠴᠢᠯᠠᠭᠤᠯᠢᠭ  ᠤᠨ ᠭᠠᠶᠢᠬᠠᠮᠰᠢᠭ ᠪᠠᠶᠢᠳᠠᠭ ᠪᠡ ᠬᠠᠯᠠᠭᠤᠨ ᠷᠡᠰᠢᠶᠠᠨ ᠣᠨᠳᠣᠷᠣᠨ ᠭᠠᠷᠣᠬᠰᠠᠨ ᠨᠢ ᠨᠢᠭᠡᠨ ᠵᠣᠶᠢᠯ ᠤᠨ ᠭᠠᠶᠢᠬᠠᠮᠰᠢᠭ ᠮᠦᠨ᠃ ᠡ᠊ᠡᠳᠡ ᠣᠩᠭᠤᠨ ᠪᠠᠶᠢᠭᠠᠯᠢᠯᠢᠭ ᠶᠡᠭᠡ ᠬᠢᠩᠭᠠᠨ ᠲᠠᠪᠠᠭᠠᠨ ᠤ ᠰᠢᠯᠮᠣᠣᠰᠣᠳᠣ ᠣᠢ ᠰᠢᠭᠤᠢ ᠶᠢᠨ ᠪᠦᠷᠬᠦᠴᠠ  ᠲᠠᠢ᠂ ᠴᠠᠰᠣ ᠮᠦᠰᠣᠳᠣ ᠡᠪᠣᠯ ᠤᠨ ᠴᠠᠭ ᠣᠷᠳᠣ᠂ ᠠᠭᠠᠬᠢᠮ᠎ᠠ ᠬᠠᠯᠠᠭᠤᠨ ᠵᠣᠨ ᠤ ᠴᠠᠭ ᠣᠬᠤᠷ ᠪᠠᠶᠢᠳᠠᠭ ᠨᠢ ᠪᠠᠰᠠ ᠨᠢᠭᠡ ᠵᠣᠶᠢᠯ ᠤᠨ ᠣᠨᠴᠠᠭᠠᠢ ᠣᠷᠴᠢᠨ ᠢ ᠪᠦᠷᠢᠯᠳᠣᠬᠦᠯᠵᠡᠢ᠃ ᠲᠠᠯᠠᠭᠠᠳ ᠢᠯᠡᠬᠦᠣ ᠷᠡᠰᠢᠶᠠᠨ ᠪᠣᠯᠠᠭ ᠣᠨᠳᠣᠷᠣᠨ᠂ ᠭᠠᠵᠡᠷ ᠤᠨ ᠴᠡᠷᠴᠡᠳᠡᠰᠣ ᠶᠢᠨ ᠬᠦᠮᠣᠨ ᠤ ᠪᠠᠶ᠎ᠠ ᠳᠤ ᠠᠰᠢᠬᠳᠡᠢ ᠡᠷᠣᠳᠡᠰᠣ ᠪᠣᠳᠡᠰ ᠤᠨ ᠠᠭᠤᠰᠣᠮᠠᠯ ᠪᠣᠯᠠᠭ ᠣᠨᠳᠣᠷᠣᠬᠰᠠᠨ ᠲᠣᠯᠡ ᠵᠣᠭᠠᠴᠠᠨ ᠵᠣᠷᠴᠢᠬᠴᠢᠳ ᠤᠨ ᠲᠣᠷ᠎ᠡ ᠪᠠᠬ᠎ᠠ ᠶᠢ ᠲᠠᠳᠡᠵᠣ᠂ ᠪᠠᠶ᠎ᠠ ᠮᠠᠬᠠᠪᠣᠳ ᠤᠨ ᠪᠠᠶᠢᠭᠠᠯᠢᠯᠢᠭ ᠰᠣᠪᠢᠯᠡᠯᠳᠡ ᠶᠢᠨ ᠬᠦᠰᠠᠯ ᠤᠨ ᠣᠷᠣᠨ ᠪᠣᠯᠣᠬᠰᠠᠨ ᠶᠣᠮ᠃
 
ᠢᠷᠡᠯᠲᠡ᠄ ︽ᠲᠠᠪᠣᠨ ᠭᠤᠣᠯ ᠤᠨ ᠰᠣᠶᠣᠯ ᠵᠦᠢ ᠶᠢᠨ ᠪᠠᠶᠢᠴᠠᠭᠠᠯᠳᠡ︾
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号