ᠴᠠᠰᠤᠲᠤ ᠬᠤᠲᠠ ᠶᠢᠨ ᠵᠢᠷᠤᠮ ᠤᠨ ᠴᠠᠭᠳᠠᠭ᠎ᠠ ᠠᠮᠤᠷ ᠲᠤᠬᠳᠠᠭᠤᠨ ᠤ ᠢᠳᠡᠪᠬᠢ ᠬᠦᠴᠦᠨ
ᠨᠡᠶᠢᠲᠡᠯᠡᠭᠰᠡᠨ ᠴᠠᠭ᠄
2024/5/31
     ᠲᠠᠪᠤᠨ ᠰᠠᠷ᠎ᠠ ᠶᠢᠨ ᠡᠬᠢᠨ ᠤ ᠷᠠᠰᠢᠶᠠᠨ ᠬᠤᠷᠴᠨ ᠤᠯᠠᠭᠠᠨ ᠴᠠᠴᠡᠭ ᠲᠡᠯᠭᠡᠷᠡᠬᠦ ᠬᠤᠭᠤᠴᠠᠭᠠᠨ ᠳᠠᠭᠠᠨ ᠤᠷᠤᠵᠤ᠂ ᠠᠭᠤᠯᠠ ᠵᠢᠯᠠᠭ᠎ᠠ ᠪᠦᠷᠬᠦᠭᠰᠡᠨ ᠤᠯᠠᠭᠠᠨ ᠶᠠᠭᠠᠨ ᠦᠩᠭᠡ ᠤᠯᠠᠨ ᠤ ᠬᠠᠷᠠᠭ᠎ᠠ ᠶᠢ ᠪᠤᠯᠢᠶᠠᠨ᠎ᠠ᠃ ᠠᠭᠤᠯᠠ ᠤᠰᠤᠨ ᠤ ᠵᠢᠷᠤᠭ ᠰᠢᠬ ᠭᠤᠴᠦ ᠦᠵᠡᠮᠵᠢ ᠶᠢᠨ ᠲᠤᠮᠳᠠ᠂ ᠨᠢᠭᠡᠨ ᠰᠠᠯᠠᠭ᠎ᠠ ᠵᠢᠷᠤᠮ ᠤᠨ ᠴᠠᠭᠳᠠᠭ᠎ᠠ ᠶᠢᠨ ᠡᠩᠨᠡᠭᠡ ᠤᠢ ᠬᠦᠪᠴᠢ ᠶᠢ ᠲᠠᠮᠵᠢᠨ᠂ ᠵᠡᠭᠡᠯᠢ ᠭᠤᠳᠤᠮᠵᠢ ᠪᠠᠷ ᠴᠠᠭᠳᠠᠵᠤ᠂ ᠴᠠᠰᠤᠲᠤ ᠬᠤᠳᠠ ᠶᠢᠨ ᠠᠮᠤᠷ ᠲᠤᠬᠳᠠᠭᠤᠨ ᠢ ᠰᠠᠬᠢᠨ ᠬᠠᠮᠠᠭᠠᠯᠠᠬᠤ ᠳᠤ ᠢᠳᠡᠪᠬᠢ ᠦᠢᠯᠡᠳᠦᠯ ᠦᠵᠡᠭᠦᠯᠦᠨ᠎ᠡ᠃      ᠣᠶᠢᠷ᠎ᠠ ᠶᠢᠨ ᠵᠢᠯ ᠤᠨ ᠲᠤᠷᠰᠢ᠂ ᠥᠪᠥᠷ ᠮᠣᠩᠭᠤᠯ ᠤᠨ ᠬᠢᠯᠢ ᠪᠠᠷ ᠣᠷᠣᠵᠤ ᠭᠠᠷᠬᠤ ᠬᠢᠯᠢ ᠶᠢᠨ ᠬᠠᠮᠠᠭᠠᠯᠠᠯᠲᠠ ᠶᠢᠨ ᠪᠠᠶᠢᠴᠠᠭᠠᠬᠤ ᠶᠡᠷᠦᠩᠬᠡᠶ ᠥᠷᠲᠡᠭᠡ ᠶᠢᠨ ᠬᠢᠩᠭᠠᠨ ᠬᠢᠯᠢ ᠶᠢᠨ ᠬᠠᠮᠢᠶᠠᠷᠤᠯᠲᠠ ᠶᠢᠨ ᠰᠠᠯᠪᠤᠷᠢ ᠠᠩᠭᠢ ᠨᠢ ︽ᠴᠠᠰᠤᠲᠤ ᠬᠤᠲᠠ ᠶᠢᠨ ᠵᠢᠷᠤᠮ ᠤᠨ ᠴᠠᠭᠳᠠᠭ᠎ᠠ︾ ᠶᠢᠨ ᠣᠯᠠᠨ ᠢᠶᠠᠷ ᠢᠶᠠᠨ ᠰᠡᠷᠭᠡᠶᠢᠯᠡᠵᠦ ᠣᠯᠠᠨ ᠢᠶᠠᠷ ᠢᠶᠠᠨ ᠵᠠᠰᠠᠬᠤ ᠬᠦᠴᠦᠨ ᠢ ᠪᠤᠶᠢᠵᠢᠭᠤᠯᠤᠨ ᠬᠥᠭᠵᠢᠭᠦᠯᠵᠦ᠂ ᠣᠯᠠᠨ ᠲᠦᠮᠡᠨ ᠢ ᠵᠣᠬᠢᠶᠠᠨ ᠪᠠᠶᠢᠭᠤᠯᠵᠤ᠂ ᠣᠯᠠᠨ ᠲᠦᠮᠡᠨ ᠢ ᠳᠠᠶᠢᠴᠢᠯᠠᠨ᠂ ᠴᠠᠭᠳᠠᠭ᠎ᠠ ᠠᠷᠠᠳ ᠤᠨ ᠬᠤᠯᠪᠣᠭᠠᠯᠠᠨ ᠰᠡᠷᠭᠡᠶᠢᠯᠡᠬᠦ ᠠᠵᠢᠯ ᠤᠨ ᠰᠠᠭᠤᠷᠢ ᠶᠢ ᠬᠦᠴᠦ ᠪᠠᠨ ᠲᠥᠪᠯᠡᠷᠡᠭᠦᠯᠦᠨ ᠪᠠᠬᠢᠵᠢᠭᠦᠯᠵᠦ᠂ ᠡᠬᠡ ᠤᠯᠤᠰ ᠤᠨ ᠤᠮᠠᠷᠠᠲᠤ ᠶᠢᠨ ᠠᠮᠤᠷ ᠲᠦᠪᠰᠢᠨ ᠲᠣᠭᠲᠠᠭᠤᠨ ᠤ ᠬᠠᠯᠬᠠᠪᠴᠢ ᠶᠢ ᠪᠠᠲᠤ ᠴᠣᠭᠴᠠᠯᠠᠬᠤ ᠶᠢ ᠠᠬᠢᠭᠤᠯᠤᠨ᠎ᠠ᠃      ᠣᠯᠠᠨ ᠤ ᠤᠬᠠᠭᠠᠨ ᠬᠠᠮᠲᠤ ᠶᠢᠨ ᠬᠦᠴᠦ ᠪᠠᠷ ᠶᠠᠯᠠᠳᠤ ᠠᠵᠢᠯᠯᠠᠭ᠎ᠠ ᠶᠢ ᠰᠡᠷᠭᠡᠶᠢᠯᠡᠨ ᠬᠤᠷᠢᠬᠯᠠᠪᠠ      ︽ᠴᠠᠰᠤᠲᠤ ᠬᠤᠲᠠ ᠶᠢᠨ ᠵᠢᠷᠤᠮ ᠤᠨ ᠴᠠᠭᠳᠠᠭ᠎ᠠ︾ ᠨᠢ ᠷᠠᠰᠢᠶᠠᠨ ᠬᠤᠲᠠ ᠶᠢᠨ ᠨᠠᠮ ᠵᠠᠰᠠᠭ ᠴᠡᠷᠢᠭ ᠴᠠᠭᠳᠠᠭ᠎ᠠ ᠠᠷᠠᠳ ᠬᠦᠴᠦ ᠪᠠᠨ ᠬᠠᠮᠲᠤᠳᠬᠠᠨ ᠬᠢᠯᠢ ᠬᠢᠵᠠᠭᠠᠷ ᠢ ᠬᠦᠴᠦᠷᠬᠡᠭᠵᠢᠭᠦᠯᠵᠦ ᠰᠡᠷᠭᠡᠶᠢᠯᠡᠯᠲᠡ ᠶᠢ ᠪᠠᠬᠢᠵᠢᠭᠦᠯᠬᠦ ᠶᠢᠨ ᠴᠢᠬᠤᠯᠠ ᠪᠦᠷᠢᠯᠳᠦᠬᠦᠨ ᠬᠡᠰᠡᠭ ᠪᠣᠯᠤᠭᠰᠠᠨ ᠤ ᠬᠤᠪᠢ ᠳᠤ᠂ ᠬᠢᠯᠢ ᠬᠢᠵᠠᠭᠠᠷ ᠢ ᠲᠣᠭᠤᠷᠢᠨ ᠪᠠᠶᠢᠴᠠᠭᠠᠬᠤ᠂ ᠶᠠᠯᠠᠲᠤ ᠠᠵᠢᠯᠯᠠᠭ᠎ᠠ ᠳᠤ ᠴᠣᠬᠢᠯᠲᠠ ᠥᠭᠬᠦ᠂ ᠠᠮᠤᠷ ᠲᠦᠪᠰᠢᠨ ᠤ ᠰᠡᠷᠭᠡᠶᠢᠯᠡᠯᠲᠡ ᠵᠡᠷᠭᠡ ᠲᠠᠯ᠎ᠠ ᠪᠠᠷ ᠴᠢᠬᠤᠯᠠ ᠦᠢᠯᠡᠳᠦᠯ ᠦᠵᠡᠭᠦᠯᠵᠦ ᠪᠠᠶᠢᠨ᠎ᠠ᠃      ᠲᠦᠷᠦᠭᠦᠬᠡᠨ᠂ ᠷᠠᠰᠢᠶᠠᠨ ᠬᠤᠲᠠ ᠶᠢᠨ ᠷᠠᠰᠢᠶᠠᠨ ᠵᠡᠭᠡᠯᠢ ᠶᠢᠨ ᠰᠠᠭᠤᠭᠠᠯᠢ ᠠᠷᠠᠳ ᠯᠢᠦ ᠨᠠᠰᠤᠳᠠᠨ ᠪᠠᠩᠬᠢ ᠳᠤ ᠬᠠᠮᠢᠶ᠎ᠠ ᠪᠦᠬᠦᠢ ᠲᠤᠬᠠᠶᠢᠯᠠᠭᠰᠠᠨ ᠠᠵᠢᠯ ᠢᠶᠠᠨ ᠭᠦᠢᠴᠡᠳᠭᠡᠬᠦ ᠪᠠᠷ ᠲᠦᠷᠢᠶᠡᠰᠦᠨ ᠮᠠᠰᠢᠨ ᠳᠤ ᠰᠠᠭᠤᠯ᠎ᠠ᠃ ᠵᠠᠮ ᠵᠠᠭᠤᠷ᠎ᠠ᠂ ᠯᠢᠦ ᠨᠠᠰᠤᠳᠠᠨ᠄ ︽ᠪᠢ ᠤᠳᠠᠯ ᠦᠭᠡᠢ ᠪᠠᠩᠬᠢ ᠳᠤ ᠬᠦᠷᠦᠨ᠎ᠡ᠂ ᠲᠠᠨᠤᠰ ᠲᠤ ᠵᠣᠭᠤᠰ ᠭᠤᠪᠢᠭᠤᠯᠴᠢᠬᠠᠪᠠᠯ ᠵᠠᠷᠭᠤ ᠲᠠᠢ ᠬᠤᠯᠪᠤᠬᠳᠠᠬᠤ ᠦᠭᠡᠢ᠂ ᠲᠡᠶᠢᠮᠤ ᠤᠤ︖︾ ᠭᠡᠵᠦ ᠪᠠᠴᠢᠮᠳᠠᠨ ᠠᠰᠠᠭᠤᠨ᠎ᠠ᠃ ᠡᠬᠦᠨ ᠢ ᠰᠣᠨᠣᠰᠤᠭᠰᠠᠨ ︽ᠴᠠᠰᠤᠳᠤ ᠬᠤᠳᠠ ᠶᠢᠨ ᠵᠢᠷᠤᠮ ᠤᠨ ᠴᠠᠭᠳᠠᠭ᠎ᠠ︾ ᠲᠦᠷᠢᠶᠡᠰᠦᠨ ᠮᠠᠰᠢᠨ ᠤ ᠵᠢᠯᠣᠭᠤᠴᠢ ᠶᠠᠩ ᠶᠦᠨ ᠵᠦ ᠨᠠᠰᠤᠳᠠᠨ ᠴᠠᠬᠢᠯᠭᠠᠨ ᠬᠤᠯᠪᠣᠭᠠᠨ ᠤ ᠮᠡᠬᠡᠯᠡᠯ ᠳᠤ ᠤᠴᠠᠷᠠᠭᠰᠠᠨ ᠮᠠᠭᠠᠳ ᠭᠡᠵᠦ ᠰᠡᠵᠢᠭᠯᠡᠪᠡ᠃ ᠶᠠᠩ ᠶᠦᠨ ᠵᠦ ᠨᠠᠰᠤᠳᠠᠨ ᠢ ᠢᠳᠬᠠᠨ ᠬᠤᠷᠢᠬᠯᠠᠬᠰᠠᠨ ᠪᠤᠯᠪᠠᠴᠦ ᠳᠤᠰᠠ ᠪᠤᠯᠤᠬᠰᠠᠨ ᠦᠭᠡᠢ ᠲᠤᠯᠠ ᠷᠠᠰᠢᠶᠠᠨ ᠤ ᠬᠢᠯᠢ ᠶᠢᠨ ᠲᠣᠮᠢᠯᠠᠭᠰᠠᠨ ᠰᠠᠯᠪᠤᠷᠢ ᠳᠤ ᠬᠡᠷᠡᠭ ᠮᠡᠳᠡᠭᠦᠯᠪᠡ᠃ ᠠᠷᠠᠳ ᠤᠨ ᠴᠠᠭᠳᠠᠭ᠎ᠠ ᠲᠡᠷᠡ ᠲᠠᠷᠤᠢ ᠳᠤᠨᠢ ᠪᠠᠩᠬᠢ ᠳᠤ ᠬᠦᠷᠴᠦ᠂ ᠨᠠᠰᠤᠳᠠᠨ ᠢ ᠢᠳᠬᠠᠨ ᠮᠡᠬᠡᠯᠡᠭᠴᠢ ᠶᠢᠨ ᠠᠷᠭ᠎ᠠ ᠪᠠᠰᠢᠷ ᠢ ᠢᠯᠡᠴᠢᠯᠡᠵᠦ᠂ ᠨᠠᠰᠤᠳᠠᠨ ᠤ ᠡᠳ᠋ ᠮᠦᠩᠬᠦ ᠶᠢ ᠨᠢ ᠬᠠᠮᠠᠭᠠᠯᠠᠪᠠ᠃      ᠦᠨᠤ ᠬᠡᠳᠦᠨ ᠵᠢᠯ ᠴᠠᠬᠢᠯᠭᠠᠨ ᠬᠤᠯᠪᠣᠭ᠎ᠠ ᠰᠦᠯᠵᠢᠶᠡᠨ ᠤ ᠮᠡᠬᠡᠯᠡᠯ ᠤᠨ ᠬᠡᠷᠡᠭ ᠣᠯᠠᠨᠲᠠ ᠡᠭᠦᠰᠴᠦ᠂ ᠬᠠᠷᠢᠶᠠᠳᠤ ᠣᠷᠣᠨ ᠤ ᠨᠠᠰᠤᠲᠠᠠ ᠣᠯᠠᠨ᠂ ᠢᠯᠭᠠᠨ ᠲᠠᠨᠢᠬᠤ ᠴᠢᠳᠠᠪᠤᠷᠢ ᠳᠤᠤᠷ᠎ᠠ᠂ ᠰᠡᠷᠭᠡᠶᠢᠯᠡᠬᠦ ᠤᠬᠠᠮᠰᠠᠷ ᠪᠠᠭᠤᠷᠠᠶ ᠪᠠᠶᠢᠬᠤ ᠪᠣᠳᠠᠲᠤ ᠪᠠᠶᠢᠳᠠᠯ ᠳᠤ ᠴᠢᠭᠯᠡᠭᠦᠯᠦᠨ᠂ ︽ᠴᠠᠰᠤᠲᠤ ᠬᠤᠲᠠ ᠶᠢᠨ ᠵᠢᠷᠤᠮ ᠤᠨ ᠴᠠᠭᠳᠠᠭ᠎ᠠ︾ ᠮᠡᠬᠡᠯᠡᠯ ᠢ ᠡᠰᠡᠷᠭᠦᠴᠡᠬᠦ ᠤᠬᠠᠭᠤᠯᠭ᠎ᠠ ᠶᠢᠨ ᠠᠵᠢᠯ ᠢ ᠰᠠᠨᠠᠭᠠᠴᠢᠯᠠᠭ᠎ᠠ ᠠᠴᠠ ᠪᠠᠨ ᠡᠭᠦᠷᠭᠡᠯᠡᠵᠦ᠂ 1000 ᠭᠠᠷᠤᠶ ᠣᠯᠠᠨ ᠲᠦᠮᠡᠨ ᠢ ᠬᠠᠪᠰᠤᠷᠤᠨ ᠤᠯᠤᠰ ᠤᠨ ᠮᠡᠬᠡᠯᠡᠯ ᠢ ᠡᠰᠡᠷᠭᠦᠴᠡᠬᠦ APP ᠶᠢ ᠪᠠᠭᠤᠯᠭᠠᠨ ᠤᠬᠰᠠᠷᠠᠵᠤ᠂ ᠮᠡᠬᠡᠯᠡᠯ ᠢ ᠡᠰᠡᠷᠭᠦᠴᠡᠬᠦ ᠤᠬᠠᠭᠤᠯᠭ᠎ᠠ ᠶᠢᠨ ᠠᠵᠢᠯᠯᠠᠭ᠎ᠠ ᠶᠢ 30 ᠭᠠᠷᠤᠶ ᠤᠳᠠᠭ᠎ᠠ ᠥᠷᠨᠢᠭᠦᠯᠵᠦ᠂ ᠠᠶᠤᠯ ᠲᠦᠭᠰᠢᠭᠦᠷᠢ ᠶᠡᠬᠡᠲᠡᠶ 23 ᠤᠳᠠᠭ᠎ᠠ ᠶᠢᠨ ᠮᠡᠬᠡᠯᠡᠯ ᠤᠨ ᠬᠡᠷᠡᠭ ᠡᠭᠦᠰᠬᠦ ᠶᠢ ᠢᠳᠬᠠᠨ ᠬᠤᠷᠢᠭᠯᠠᠵᠤ᠂ 500 ᠭᠠᠷᠤᠶ ᠲᠦᠮᠡᠨ ᠲᠥᠭᠦᠷᠢᠭ ᠤᠨ ᠬᠤᠬᠢᠷᠠᠯ ᠢ ᠡᠭᠡᠭᠦᠯᠤᠨ ᠠᠪᠴᠢᠷᠠᠪᠠ᠃      ᠷᠠᠰᠢᠶᠠᠨ ᠤ ᠵᠡᠭᠡᠯᠢ ᠪᠠᠷ ᠶᠠᠪᠤᠬᠤ ᠳᠤ᠂ ᠶᠠᠩ ᠶᠦᠨ ᠵᠦ ᠲᠠᠢ ᠠᠳᠠᠯᠢᠬᠠᠨ ᠣᠯᠠᠭᠠᠨ ᠡᠯᠢᠭᠡᠪᠴᠢ ᠡᠮᠦᠰᠴᠦ᠂ ᠤᠯᠠᠭᠠᠨ ᠮᠠᠯᠠᠭᠠᠢ ᠵᠡᠭᠦᠭᠰᠡᠨ ︽ᠴᠠᠰᠤᠲᠤ ᠬᠤᠳᠠ ᠶᠢᠨ ᠵᠢᠷᠤᠮ ᠤᠨ ᠴᠠᠭᠳᠠᠭ᠎ᠠ︾ ᠤᠯᠠᠨ ᠬᠠᠷᠠᠭᠳᠠᠨ᠎ᠠ᠃ 2019 ᠣᠨ ᠳᠤ ᠠᠩᠬ᠎ᠠ ᠪᠠᠶᠢᠭᠤᠯᠤᠭᠳᠠᠭᠤ ᠦᠶ᠎ᠡ ᠶᠢᠨ ︽ᠴᠠᠰᠤᠲᠤ ᠬᠤᠳᠠ ᠶᠢᠨ ᠵᠢᠷᠤᠮ ᠤᠨ ᠴᠠᠭᠳᠠᠭ᠎ᠠ︾ 75 ᠬᠥᠮᠦᠨ ᠪᠠᠶᠢᠬᠰᠠᠨ ᠠᠴᠠ ᠪᠠᠨ ᠤᠳᠤ ᠶᠢᠨ 900 ᠰᠢᠬᠠᠮ ᠬᠥᠮᠦᠨ ᠬᠦᠷᠲᠡᠯ᠎ᠡ᠂ ᠲᠡᠳᠡᠨᠠᠷ ᠪᠤᠯ ᠠᠮᠤᠷ ᠢ ᠬᠠᠮᠠᠭᠠᠯᠠᠬᠤ ︽ᠠᠵᠢᠭᠯᠠᠯᠲᠠ ᠶᠢᠨ ᠴᠡᠭ︾᠂ ︽ᠨᠡᠭᠦᠳᠡᠯ ᠬᠠᠷᠠᠭᠤᠯ︾ ᠪᠤᠯᠤᠨ᠎ᠠ᠃ ᠡᠳᠡᠭᠡᠷ ᠬᠦᠮᠤᠰ ᠤᠨ ᠵᠠᠷᠢᠮ ᠨᠢ ᠲᠦᠷᠭᠡᠨ ᠬᠦᠷᠭᠡᠭᠴᠢ᠂ ᠴᠡᠪᠡᠷᠯᠡᠭᠴᠢ᠂ ᠵᠠᠷᠢᠮ ᠨᠢ ᠲᠦᠷᠢᠶᠡᠰᠦᠨ ᠮᠠᠰᠢᠨ ᠤ ᠵᠢᠯᠣᠭᠤᠴᠢ᠂ ᠠᠵᠢᠯ ᠠᠴᠠ ᠪᠠᠨ ᠠᠮᠠᠷᠠᠭᠰᠠᠨ ᠺᠠᠳ᠋ᠷ ᠵᠡᠷᠭᠡ ᠪᠠᠶᠢᠵᠤ᠂ ᠲᠡᠳᠡ ᠬᠦᠴᠦᠨ ᠪᠠᠨ ᠬᠠᠮᠳᠤᠳᠬᠠᠨ ᠤᠯᠠᠨ ᠪᠦᠬᠦᠳᠡᠭᠡᠷ ᠲᠤ ᠠᠮᠤᠷ ᠲᠠᠶᠢᠪᠤᠡᠭ ᠤᠷᠴᠢᠨ ᠠᠬᠤᠢ ᠶᠢ ᠪᠤᠢ ᠪᠤᠯᠭᠠᠬᠤ ᠳᠤ ᠦᠢᠯᠡᠴᠢᠯᠡᠨ᠎ᠡ᠃      ᠵᠥᠷᠢᠴᠡᠯ ᠵᠠᠭᠤᠷᠠᠯᠳᠤᠭᠠᠨ ᠢ ᠰᠡᠷᠭᠡᠶᠢᠯᠡᠨ ᠨᠠᠮᠳᠠᠭᠤᠯᠵᠤ ᠡᠶ᠎ᠡ ᠵᠤᠬᠢᠴᠠᠩᠭᠤᠢ ᠳᠤᠬᠳᠠᠭᠤᠨ ᠪᠠᠶᠢᠳᠠᠯ ᠢ ᠪᠠᠳᠤᠯᠠᠪᠠ      ᠷᠠᠰᠢᠶᠠᠨ ᠪᠣᠯ ᠤᠯᠤᠰ ᠤᠨ ᠲᠤᠳᠤᠭᠠᠳᠤ ᠶᠢᠨ ᠨᠡᠷᠡᠲᠤ ᠵᠢᠭᠤᠯᠴᠢᠯᠠᠯ ᠤᠨ ᠤᠷᠤᠨ ᠮᠦᠨ᠃ 5A ᠲᠡᠰ ᠤᠨ ᠦᠵᠡᠮᠵᠢ ᠶᠢᠨ ᠣᠷᠣᠨ ᠳᠤ ᠤᠯᠠᠨ ᠵᠢᠯ ᠠᠵᠢᠯᠯᠠᠬᠰᠠᠨ ︽ᠴᠠᠰᠤᠲᠤ ᠬᠤᠲᠠ ᠶᠢᠨ ᠵᠢᠷᠤᠮ ᠤᠨ ᠴᠠᠭᠳᠠᠭ᠎ᠠ︾ ᠯᠢᠦ ᠹᠧᠩ ᠯᠢ᠄ ︽ᠷᠠᠰᠢᠶᠠᠨ ᠤ ᠳᠥᠷᠪᠡᠨ ᠤᠯᠠᠷᠢᠯ ᠤᠨ ᠦᠵᠡᠮᠵᠢ ᠭᠤᠶᠤ ᠰᠠᠶᠢᠬᠠᠨ᠂ ᠵᠢᠭᠤᠯᠴᠢᠯᠠᠬᠰᠠᠳ ᠣᠯᠠᠨ᠂ ᠪᠢᠳᠡᠨ ᠤ ᠮᠦᠷᠦᠨ ᠳᠡᠭᠡᠷᠡᠬᠢ ᠡᠭᠦᠷᠭᠡ ᠶᠡᠷᠦ ᠠᠴᠠ ᠬᠦᠨᠳᠦ︾ ᠭᠡᠵᠦ ᠶᠠᠷᠢᠨ᠎ᠠ᠃      ᠨᠢᠳᠤᠨᠤᠨ ᠤ 12 ᠰᠠᠷ᠎ᠠ ᠳᠤ᠂ ᠷᠠᠰᠢᠶᠠᠨ ᠤ ᠮᠥᠰᠥ ᠴᠠᠰᠤᠨ ᠤ ᠨᠠᠶᠢᠷ ᠤᠨ ᠠᠵᠢᠯᠯᠠᠭ᠎ᠠ ᠶᠢᠨ ᠠᠬᠤᠢ ᠲᠠᠯᠠᠪᠠᠢ ᠳᠤ᠂ ᠯᠢᠦ  ᠹᠧᠩ ᠯᠢ ᠬᠢᠷᠢᠨ ᠨᠤᠲᠤᠭᠲᠠᠶ ᠵᠢᠭᠤᠯᠴᠢᠯᠠᠬᠴᠢ ᠸᠠᠩ ᠨᠠᠰᠤᠳᠠᠨ ᠤ ᠲᠤᠰᠠᠯᠠᠮᠵᠢ ᠶᠢ ᠲᠤᠰᠪᠠ᠃ ᠸᠠᠩ ᠨᠠᠰᠤᠳᠠᠨ ᠭᠠᠷ ᠤᠳᠠᠰᠤ ᠰᠠᠶᠢᠨ ᠬᠡᠷᠡᠭᠯᠡᠵᠦ ᠴᠢᠳᠠᠬᠤ ᠦᠭᠡᠢ ᠠᠴᠠ ᠵᠢᠭᠤᠯᠴᠢᠯᠠᠯ ᠤᠨ ᠪᠦᠯᠬᠦᠮ ᠤᠨ ᠵᠠᠮᠴᠢᠯᠠᠭᠴᠢ ᠲᠠᠢ ᠪᠠᠨ ᠬᠠᠷᠢᠯᠴᠠᠵᠤ ᠳᠡᠶᠢᠯᠬᠦ ᠦᠭᠡᠢ ᠪᠤᠯᠵᠠᠢ᠃ ᠠᠭᠤᠷ ᠠᠮᠢᠰᠬᠤᠯ ᠬᠠᠬᠢᠷ ᠬᠦᠢᠲᠡᠨ᠂ ᠸᠠᠩ ᠨᠠᠰᠤᠳᠠᠨ ᠨᠠᠰᠤ ᠠᠭᠢᠵᠤ᠂ ᠯᠢᠦ ᠹᠧᠩ ᠯᠢ ᠲᠠᠷᠦ᠋ᠢᠬᠠᠨ ᠨᠠᠰᠤᠲᠠᠨ ᠤ ᠭᠠᠷ ᠤᠲᠠᠰᠤ ᠪᠠᠷ ᠵᠢᠭᠤᠯᠴᠢᠯᠠᠯ ᠤᠨ ᠪᠦᠯᠬᠦᠮ ᠤᠨ ᠵᠠᠮᠴᠢᠯᠠᠭᠴᠢ ᠲᠠᠢ ᠬᠠᠷᠢᠯᠴᠠᠵᠤ᠂ ᠨᠠᠰᠤᠲᠠᠨ ᠢ ᠬᠡᠯᠡᠯᠴᠡᠨ ᠲᠣᠭᠲᠠᠭᠰᠠᠨ ᠭᠠᠵᠠᠷ ᠲᠤ ᠬᠦᠷᠭᠡᠪᠡ᠃ ᠵᠢᠭᠤᠯᠴᠢᠯᠠᠯ ᠤᠨ ᠪᠦᠯᠬᠦᠮ ᠢᠶᠠᠨ ᠣᠯᠤᠭᠰᠠᠨ ᠤ ᠳᠠᠷᠠᠭ᠎ᠠ᠂ ᠸᠠᠩ ᠨᠠᠰᠤᠳᠠᠨ᠄ ︽ᠷᠠᠰᠢᠶᠠᠨ ᠤ ᠦᠵᠡᠮᠵᠢ ᠨᠢ ᠭᠤᠶᠤ ᠂ ᠷᠠᠰᠢᠶᠠᠨ ᠤ ᠬᠥᠮᠦᠨ ᠨᠠᠩ ᠰᠠᠨᠠᠭ᠎ᠠ ᠰᠠᠶᠢᠳᠠᠢ︾ ᠭᠡᠵᠦ ᠰᠡᠳᠬᠢᠯ ᠲᠤᠬᠳᠤᠯᠤᠨ ᠬᠡᠯᠡᠨ᠎ᠠ᠃      ︽ᠴᠠᠰᠤᠲᠤ ᠬᠤᠲᠠ ᠶᠢᠨ ᠵᠢᠷᠤᠮ ᠤᠨ ᠴᠠᠭᠳᠠᠭ᠎ᠠ︾ ᠳᠤ ᠡᠶᠢᠮᠦᠷᠬᠦᠤ ᠵᠢᠵᠢᠭ ᠰᠡᠵᠢᠬ ᠶᠠᠪᠤᠳᠠᠯ ᠤᠯᠠᠨ ᠲᠤᠬᠢᠶᠠᠯᠳᠤᠨ᠎ᠠ᠃ ︽ᠵᠢᠭᠤᠯᠴᠢᠯᠠᠬᠰᠠᠳ᠂ ᠬᠤᠳᠠ ᠶᠢᠨ ᠠᠷᠠᠳ ᠲᠤ ᠲᠤᠰᠠᠯᠠᠮᠵᠢ ᠦᠵᠡᠬᠦᠯᠪᠡᠯ ᠮᠠᠰᠢ ᠪᠠᠶᠠᠷ ᠲᠠᠢ ᠰᠠᠨᠠᠬᠳᠠᠨ᠎ᠠ᠂ ︿ᠴᠠᠰᠤᠲᠤ ᠬᠤᠳᠠ ᠶᠢᠨ ᠵᠢᠷᠤᠮ ᠤᠨ ᠴᠠᠭᠳᠠᠭ᠎ᠠ﹀ ᠠᠷᠠᠳ ᠲᠦᠮᠡᠨ ᠳᠤ ᠦᠢᠯᠡᠴᠢᠯᠡᠨ᠎ᠠ︾ ᠭᠡᠵᠤ ᠯᠢᠤ ᠹᠸᠡᠭ ᠯᠢ ᠪᠤᠳᠤᠯ ᠢᠶᠠᠨ ᠲᠡᠯᠬᠡᠨ᠎ᠠ᠃      ︽ᠴᠢ ᠲᠡᠷᠭᠡ ᠪᠠᠨ ᠵᠤᠬᠰᠤᠭᠠᠪᠠᠯ ᠪᠢ ᠵᠠᠮ ᠢ ᠴᠢᠨᠢ ᠪᠦᠭᠯᠡᠨ᠎ᠠ︕︾ ᠡᠨᠡ ᠵᠢᠯ ᠤᠨ 2 ᠰᠠᠷ᠎ᠠ ᠶᠢᠨ ᠦᠶ᠎ᠠ ᠪᠠᠷ᠂ ᠷᠠᠰᠢᠶᠠᠨ ᠬᠤᠲᠠ ᠶᠢᠨ ᠲᠢᠶᠠᠨ ᡂᠢ ᠪᠠᠯᠭᠠᠰᠤᠨ ᠤ ᠨᠢᠭᠡᠨ ᠪᠠᠭᠤᠳᠠᠯ ᠤᠨ ᠡᠮᠦᠨ᠎ᠠ᠂ ᠬᠤᠶᠠᠷ ᠵᠢᠯᠤᠭᠤᠴᠢ ᠲᠡᠷᠭᠡᠨ ᠵᠣᠭᠰᠣᠭᠠᠯ ᠪᠤᠯᠢᠶᠠᠯᠳᠤᠨ ᠬᠠᠰᠬᠢᠷᠠᠭᠠᠳ ᠭᠠᠷ ᠬᠦᠳᠡᠯᠬᠦ ᠰᠢᠬᠠᠵᠤ᠂ ᠮᠠᠰᠢ ᠤᠯᠠᠨ ᠵᠢᠭᠤᠯᠴᠢᠯᠠᠬᠴᠢ ᠴᠤᠬᠯᠠᠷᠠᠪᠠ᠃ ᠵᠢᠷᠤᠮ ᠤᠨ ᠴᠠᠭᠳᠠᠭ᠎ᠠ ᠮᠧᠩ ᠹᠠᠨ ᠴᠢᠩ ᠣᠯᠵᠤ ᠦᠵᠡᠭᠰᠡᠨ ᠤ ᠳᠠᠷᠠᠭ᠎ᠠ᠂ ᠬᠤᠶᠠᠷ ᠵᠢᠯᠤᠭᠤᠴᠢ ᠶᠢ ᠢᠳᠬᠠᠬᠤ ᠳᠤ ᠬᠡᠨ ᠠᠯᠢᠨ ᠨᠢ ᠨᠠᠶᠢᠷ ᠲᠠᠯᠪᠢᠬᠤ ᠦᠭᠡᠢ᠃ ᠬᠡᠷᠡᠭ ᠤᠴᠢᠷ ᠬᠡᠴᠡᠭᠦᠳᠡᠬᠦ ᠠᠴᠠ ᠵᠠᠶᠢᠯᠠᠰᠭᠢᠬᠦ ᠶᠢᠨ ᠲᠥᠯᠥᠭᠡ᠂ ᠮᠧᠩ ᠹᠠᠨ ᠴᠢᠩ ᠳᠠᠷᠦ᠋ᠢᠬᠠᠨ ᠲᠢᠶᠠᠨ ‍ᠤᠤᠢ ᠶᠢᠨ ᠬᠢᠯᠢ ᠶᠢᠨ ᠲᠣᠮᠢᠯᠠᠭᠰᠠᠨ ᠰᠠᠯᠪᠤᠷᠢ ᠳᠤ ᠮᠡᠳᠡᠭᠳᠡᠪᠡ᠃ ᠠᠷᠠᠳ ᠤᠨ ᠴᠠᠭᠳᠠᠭ᠎ᠠ ᠲᠤᠬᠠᠶ ᠶᠢᠨ ᠲᠠᠯᠠᠪᠠᠶ ᠳᠤ ᠭᠦᠷᠦᠭᠰᠡᠨ ᠤ ᠳᠠᠷᠠᠭ᠎ᠠ ᠮᠧᠩ ᠹᠠᠨ ᠴᠢᠩ ᠲᠠᠢ ᠬᠠᠮᠲᠤ ᠵᠢᠯᠤᠭᠤᠴᠢ ᠶᠢ ᠢᠳᠬᠠᠬᠤ ᠶᠢᠨ ᠬᠠᠮᠲᠤ ᠡᠷᠬᠢᠨ ᠲᠣᠭᠤᠷᠢᠨ ᠠᠴᠠ ᠲᠡᠷᠭᠡᠨ ᠵᠣᠭᠰᠣᠭᠠᠯ ᠡᠷᠢᠵᠤ᠂ ᠲᠡᠷᠭᠡ ᠵᠣᠭᠰᠣᠬᠤ ᠠᠰᠠᠭᠤᠳᠠᠯ ᠢ ᠰᠢᠢᠳᠪᠦᠷᠢᠯᠡᠵᠦ᠂ ᠵᠦᠷᠢᠴᠡᠯ ᠰᠢᠷᠦᠭᠦᠰᠬᠦ ᠠᠴᠠ ᠵᠠᠶᠢᠯᠠᠰᠬᠢᠪᠠ᠃      ᠤᠷᠢᠳᠴᠢᠯᠠᠨ ᠰᠡᠷᠭᠡᠶᠢᠯᠡᠬᠦ ᠠᠵᠢᠯ ᠨᠢ ᠰᠠᠨᠠᠭᠠᠴᠢᠯᠠᠭ᠎ᠠ ᠲᠠᠢ ᠪᠦᠳᠦᠮᠵᠢᠳᠡᠢ ᠬᠢᠵᠦ᠂ ᠵᠥᠷᠢᠴᠡᠯ ᠢ ᠴᠢᠷᠮᠠᠶᠢᠨ ᠨᠠᠮᠳᠠᠭᠤᠯᠵᠤ᠂ ᠵᠢᠭᠤᠷᠠᠯᠳᠤᠭᠠᠨ ᠢ ᠲᠤᠬᠠᠢ ᠶᠢᠨ ᠭᠠᠵᠠᠷ ᠲᠤᠨᠢ ᠰᠢᠢᠳᠪᠦᠷᠢᠯᠡᠨ᠎ᠠ᠂ ᠡᠨᠡ ᠪᠣᠯ ︽ᠴᠠᠰᠤᠲᠤ ᠬᠤᠳᠠ ᠶᠢᠨ ᠵᠢᠷᠤᠮ ᠤᠨ ᠴᠠᠭᠳᠠᠭ᠎ᠠ︾ ᠶᠢᠨ ᠴᠠᠭᠳᠠᠭᠠᠨ ᠤ ᠶᠠᠪᠤᠳᠠᠯ ᠢ ᠤᠷᠢᠳᠴᠢᠯᠠᠨ ᠰᠡᠷᠭᠡᠶᠢᠯᠡᠬᠦ ᠬᠦᠴᠦᠨ ᠪᠦᠬᠦᠢ ᠦᠢᠯᠡᠳᠦᠯᠭᠡ ᠪᠣᠯᠤᠨ᠎ᠠ᠃ ︽ᠴᠠᠰᠤᠲᠤ ᠬᠤᠲᠠ ᠶᠢᠨ ᠵᠢᠷᠤᠮ ᠤᠨ ᠴᠠᠭᠳᠠᠭ᠎ᠠ︾ ᠶᠢᠨ ᠲᠢᠶᠠᠨ ᡂᠢ ᠬᠤᠪᠢᠶᠠᠷᠢ ᠨᠡᠶᠢᠭᠡᠮᠯᠢᠭ ᠲᠤ 3 ᠰᠠᠯᠠᠭ᠎ᠠ ︽ᠵᠢᠷᠤᠮ ᠤᠨ ᠴᠠᠭᠳᠠᠭ᠎ᠠ ᠶᠢᠨ ᠲᠣᠭᠤᠷᠢᠨ ᠴᠠᠭᠳᠠᠬᠤ ᠠᠩᠭᠢ︾ ᠪᠠᠶᠢᠵᠤ᠂ ︽1 ᠨᠡᠶᠢᠭᠡᠮ ᠲᠣᠭᠤᠷᠢᠭ ᠤᠨ ᠠᠷᠠᠳ ᠤᠨ ᠴᠠᠭᠳᠠᠭ᠎ᠠ + 1 ᠵᠢᠷᠤᠮ ᠤᠨ ᠴᠠᠭᠳᠠᠭ᠎ᠠ ᠶᠢᠨ ᠲᠣᠭᠤᠷᠢᠨ ᠴᠠᠭᠳᠠᠬᠤ ᠠᠩᠭᠢ︾ ᠶᠢᠨ ᠠᠷᠭ᠎ᠠ ᠬᠡᠯᠪᠡᠷᠢ ᠶᠢ ᠠᠪᠴᠤ᠂ ᠬᠠᠷᠢᠶᠠᠲᠤ ᠣᠷᠣᠨ ᠤ ᠬᠥᠮᠦᠨ ᠬᠠᠷ᠎ᠠ ᠴᠤᠬᠯᠠᠬᠷᠠᠬᠰᠠᠨ ᠣᠷᠣᠨ ᠪᠦᠰᠡ ᠳᠤ ᠲᠣᠭᠤᠷᠢᠨ ᠴᠠᠭᠳᠠᠬᠤ ᠰᠡᠷᠭᠡᠶᠢᠯᠡᠨ ᠡᠵᠡᠮᠳᠡᠬᠦ ᠠᠵᠢᠯ ᠢ ᠥᠷᠨᠢᠭᠦᠯᠪᠡ᠃ ᠡᠭᠦᠨ ᠠᠴᠠ ᠭᠠᠳᠠᠨ᠎ᠠ᠂ ᠲᠣᠭᠤᠷᠢᠨ ᠴᠠᠭᠳᠠᠬᠤ ᠠᠩᠭᠢ ᠪᠦᠷᠢ ᠳᠤ 5 ᠲᠤᠰᠬᠠᠶ ᠪᠤᠶᠤ ᠲᠤᠰᠢᠶᠠᠯ ᠬᠠᠪᠰᠤᠷᠭᠠᠭᠰᠠᠨ ᠡᠶᠡᠳᠡᠭᠦᠯᠦᠭᠴᠢ ᠲᠣᠬᠢᠷᠠᠭᠤᠯᠵᠤ᠂ ᠠᠵᠢᠯ ᠤᠨ ᠳᠤᠮᠳᠠ ᠪᠠᠨ ︽ᠠᠷᠠᠳ ᠤᠨ ᠴᠠᠭᠳᠠᠭ᠎ᠠ + ᠵᠢᠷᠤᠮ ᠤᠨ ᠴᠠᠭᠳᠠᠭ᠎ᠠ︾ ᠶᠢᠨ ᠠᠵᠢᠯ ᠤᠨ ᠠᠷᠭ᠎ᠠ ᠶᠢ ᠬᠡᠷᠡᠭᠵᠢᠭᠦᠯᠵᠦ᠂ ᠵᠢᠷᠤᠮ ᠤᠨ ᠴᠠᠭᠳᠠᠭ᠎ᠠ ᠶᠢᠨ ︽ᠬᠥᠮᠦᠨ ᠢ ᠲᠠᠨᠢᠬᠤ᠂ ᠭᠠᠵᠠᠷ ᠢ ᠮᠡᠳᠡᠬᠦ᠂ ᠪᠠᠶᠢᠳᠠᠯ ᠢ ᠤᠶᠢᠯᠠᠭᠠᠬᠤ︾ ᠳᠠᠪᠠᠭᠤᠯᠢᠭ ᠪᠤᠯᠤᠨ ᠠᠷᠠᠳ ᠤᠨ ᠴᠠᠭᠳᠠᠭ᠎ᠠ ᠶᠢᠨ ︽ᠬᠠᠤᠯᠢ ᠶᠢ ᠮᠡᠳᠡᠬᠦ᠂ ᠲᠥᠷᠥ ᠶᠢᠨ ᠪᠣᠳᠣᠯᠭ᠎ᠠ ᠶᠢ ᠲᠠᠶᠢᠯᠪᠤᠷᠢᠯᠠᠬᠤ᠂ ᠡᠶᠡᠳᠡᠭᠦᠯᠵᠦ ᠴᠢᠳᠠᠬᠤ︾ ᠳᠠᠪᠠᠭᠤᠯᠢᠭ ᠲᠠᠢ ᠤᠶᠠᠯᠳᠤᠭᠤᠯᠵᠤ᠂ ︽︵1 + 1﹀ 2︾ ᠦᠷ᠎ᠡ ᠪᠦᠲᠦᠮᠵᠢ ᠳᠤ ᠬᠦᠷᠪᠡ᠃      ᠬᠤᠰᠢᠭᠤᠴᠢ ᠵᠢᠱᠢᠶᠡᠴᠢ ᠶᠢᠨ ᠦᠢᠯᠡᠳᠦᠯ ᠢ ᠪᠠᠳᠠᠷᠠᠭᠤᠯᠤᠨ ᠤᠯᠠᠨ ᠲᠦᠮᠡᠨ ᠢ ᠲᠡᠶᠢᠴᠢᠯᠠᠪᠠ      66 ᠨᠠᠰᠤᠲᠠᠢ ᠸᠠᠩ ᠢᠦᠢ ᠹᠠ ᠬᠢᠯᠢ ᠪᠠᠨ ᠰᠠᠬᠢᠵᠤ ᠬᠢᠯᠢ ᠪᠠᠨ ᠮᠠᠨᠠᠭᠠᠳ ᠬᠤᠷᠢ ᠭᠠᠷᠤᠢ ᠵᠢᠯ ᠤᠨ ᠨᠢᠭᠤᠷ ᠢ ᠦᠵᠡᠵᠦ ᠪᠠᠶᠢᠨ᠎ᠠ᠃ ᠲᠡᠭᠦᠨ ᠤ ᠮᠠᠯᠵᠢᠯ ᠤᠨ ᠴᠡᠭ ᠨᠢ ᠬᠢᠯᠢ ᠶᠢᠨ ᠱᠤᠭᠤᠮ ᠠᠴᠠ ᠵᠥᠪᠬᠡᠨ 5 ᠺᠢᠯᠣᠮᠧᠲᠷ ᠵᠠᠶᠢᠲᠠᠶ᠂ ᠬᠢᠯᠢ ᠨᠤᠳᠤᠭ ᠤᠨ ᠠᠯᠢᠪᠠ ᠪᠠᠶᠢᠳᠠᠯ ᠢ ᠠᠯᠠᠭᠠᠨ ᠵᠢᠷᠤᠭᠠᠰᠤ ᠪᠠᠨ ᠰᠢᠬ ᠲᠤᠳᠤᠬᠠᠨ ᠮᠡᠳᠡᠨ᠎ᠠ᠃ 2019 ᠣᠨ ᠳᠤ ᠲᠡᠷᠡ ᠰᠠᠨᠠᠭᠠᠴᠢᠯᠠᠭ᠎ᠠ ᠠᠴᠠ ᠪᠠᠨ ︽ᠴᠠᠰᠤᠲᠤ ᠬᠤᠲᠠ ᠶᠢᠨ ᠵᠢᠷᠤᠮ ᠤᠨ ᠴᠠᠭᠳᠠᠭ᠎ᠠ︾ ᠪᠤᠯᠵᠤ᠂ ᠬᠢᠯᠢ ᠬᠢᠵᠠᠭᠠᠷ ᠤᠷᠤᠨ ᠤ ᠠᠮᠤᠷ ᠲᠤᠬᠳᠠᠭᠤᠨ ᠳᠤ ᠥᠪᠡᠷ ᠤᠨ ᠬᠦᠴᠦᠨ ᠴᠢᠳᠠᠯ ᠢᠶᠠᠨ ᠡᠷᠬᠦᠨ᠎ᠡ᠃ ᠸᠠᠩ ᠢᠤᠢ ᠹᠠ ᠤᠷᠢᠳ ᠬᠤᠵᠢᠳ ᠬᠢᠩᠭᠠᠨ ᠠᠶᠢᠮᠠᠭ ᠤᠨ ᠠᠷᠪᠠᠨ ᠰᠢᠯᠢᠳᠡᠭ ᠬᠢᠯᠢ ᠰᠠᠬᠢᠬᠴᠢ᠂ ᠦᠪᠡᠷᠳᠡᠭᠡᠨ ᠵᠠᠰᠠᠬᠤ ᠤᠷᠤᠨ ᠤ ᠰᠢᠯᠢᠳᠡᠭ ᠬᠢᠯᠢ ᠰᠠᠬᠢᠬᠴᠢ᠂ ︽ᠳᠤᠮᠳᠠᠳᠤ ᠤᠯᠤᠰ ᠤᠨ ᠰᠦᠯᠵᠢᠶᠡᠨ ᠤ ᠶᠠᠪᠤᠳᠠᠯ · ᠥᠪᠥᠷ ᠮᠣᠩᠭᠤᠯ ᠢ ᠳᠣᠭᠳᠣᠯᠤᠭᠤᠯᠤᠬᠰᠠᠨ ︾ ᠠᠷᠪᠠᠨ ᠶᠡᠭᠡ ᠰᠦᠯᠵᠢᠶᠡᠨ ᠤ ᠬᠥᠮᠦᠨ ᠵᠡᠷᠭᠡ ᠢᠷᠠᠭᠤ ᠠᠯᠳᠠᠷ ᠢ ᠬᠦᠷᠳᠡᠵᠦ ᠦᠩᠬᠡᠷᠡᠪᠡ᠃      2016 ᠣᠨ ᠤ ᠡᠪᠦᠯ᠂ ᠸᠠᠩ ᠢᠦᠢ ᠹᠠ ᠬᠢᠯᠢ ᠴᠠᠭᠳᠠᠬᠤ ᠦᠶ᠎ᠡ ᠳᠤ ᠴᠠᠰᠤᠨ ᠳᠡᠭᠡᠷᠡᠬᠢ ᠰᠡᠵᠢᠭᠯᠡᠯᠳᠡᠢ ᠬᠦᠯ ᠤᠨ ᠮᠥᠷ ᠢ ᠣᠯᠵᠤ ᠦᠵᠡᠯ᠎ᠠ᠂ ᠬᠠᠬᠢᠷ ᠡᠪᠦᠯ ᠤᠨ ᠬᠦᠬᠡᠭᠡ ᠰᠠᠷ᠎ᠠ ᠳᠤ ᠬᠡᠨ ᠬᠦᠳᠡᠭᠡ ᠬᠡᠬᠡᠷ᠎ᠠ ᠬᠦᠶᠦᠬᠦ ᠪᠤᠢ︖ ᠣᠯᠠᠨ ᠵᠢᠯ ᠤᠨ ᠬᠢᠯᠢ ᠰᠠᠬᠢᠬᠰᠠᠨ ᠲᠤᠷᠰᠢᠯᠭ᠎ᠠ ᠪᠠᠷ ᠢᠶᠠᠨ ᠲᠡᠷᠡ ᠲᠣᠮᠢᠯᠠᠭᠰᠠᠨ ᠰᠠᠯᠪᠤᠷᠢ ᠳᠤ ᠤᠲᠠᠰᠤ ᠠᠪᠴᠤ᠂ ᠥᠪᠡᠷ ᠢᠶᠠᠨ ᠬᠠᠷᠢᠨ ᠮᠥᠷᠳᠡᠨ ᠳᠠᠭᠠᠵᠤ᠂ ᠡᠴᠤᠰ ᠲᠡᠭᠡᠨ ᠠᠷᠠᠳ ᠤᠨ ᠴᠠᠭᠳᠠᠭ᠎ᠠ ᠲᠠᠢ ᠬᠢᠯᠢ ᠬᠢᠵᠠᠭᠠᠷ ᠲᠤ ᠬᠤᠯᠪᠣᠭᠳᠠᠭᠰᠠᠨ ᠬᠠᠤᠯᠢ ᠶᠢ ᠵᠥᠷᠢᠴᠡᠭᠰᠡᠨ 2 ᠶᠠᠯᠠᠲᠤ ᠡᠲᠡᠭᠡᠳ ᠢ ᠪᠠᠷᠢᠪᠴᠢᠯᠠᠪᠠ᠃ ᠸᠠᠩ ᠢᠦᠶ ᠹᠠ ᠡᠳᠦᠷ ᠪᠦᠷᠢ ᠬᠢᠯᠢ ᠶᠢᠨ ᠱᠤᠭᠤᠮ ᠢᠶᠠᠷ ᠠᠷᠪᠠᠨ ᠬᠡᠳᠦᠨ ᠺᠢᠯᠣᠮᠧᠲᠷ ᠶᠠᠪᠤᠵᠤ᠂ ᠲᠠᠨᠢᠯ ᠪᠤᠰᠤ ᠬᠥᠮᠦᠨ ᠪᠤᠶᠤ ᠣᠨᠴᠠᠭᠠᠶ ᠤᠴᠢᠷ ᠪᠠᠶᠢᠬᠤ ᠡᠰᠡᠬᠦ ᠶᠢ ᠦᠵᠡᠳᠡᠭ᠂ ︽ᠬᠢᠯᠢ ᠴᠠᠭᠳᠠᠬᠤ ᠨᠢ ᠬᠤᠨᠢ ᠮᠠᠯ ᠬᠠᠷᠢᠭᠤᠯᠬᠤ ᠲᠠᠢ ᠠᠳᠠᠯᠢ ᠪᠠᠷ ᠮᠢᠨᠦ ᠠᠮᠢᠳᠤᠷᠠᠯ ᠤᠨ ᠴᠢᠬᠤᠯᠠ ᠬᠡᠰᠡᠭ ᠪᠣᠯᠵᠠᠢ᠂ ᠬᠢᠯᠢ ᠪᠠᠨ ᠰᠠᠬᠢᠨ ᠬᠠᠮᠠᠭᠠᠯᠠᠬᠤ ᠨᠢ ᠪᠢᠳᠡᠨ ᠤ ᠬᠠᠷᠢᠭᠤᠴᠠᠯᠭ᠎ᠠ ᠮᠦᠨ︾ ᠭᠡᠵᠦ ᠬᠡᠯᠡᠨ᠎ᠠ᠃      ᠷᠠᠰᠢᠶᠠᠨ ᠬᠤᠲᠠ ᠶᠡᠭᠡ ᠬᠢᠩᠭᠠᠨ ᠳᠠᠪᠠᠭ᠎ᠠ ᠶᠢᠨ ᠪᠠᠷᠠᠭᠤᠨ ᠡᠮᠦᠨ᠎ᠡ ᠠᠭᠤᠯᠠ ᠶᠢᠨ ᠬᠤᠷᠮᠣᠶ ᠳᠤ ᠪᠠᠶᠢᠷᠢᠯᠠᠵᠤ᠂ ᠪᠠᠷᠠᠭᠤᠨ ᠬᠡᠰᠡᠭ ᠨᠢ ᠮᠣᠩᠭᠤᠯ ᠤᠯᠤᠰ ᠲᠠᠢ ᠬᠢᠯᠢ ᠨᠡᠶᠢᠯᠡᠵᠦ᠂ ᠬᠠᠷᠢᠶᠠᠲᠤ ᠣᠷᠣᠨ ᠳᠤ 93.434 ᠺᠢᠯᠣᠮᠧᠲᠷ ᠤᠨ ᠳᠤᠮᠳᠠᠳᠤ ᠮᠣᠩᠭᠤᠯ ᠤᠨ ᠬᠢᠯᠢ ᠶᠢᠨ ᠱᠤᠭᠤᠮ ᠲᠠᠢ᠂ ᠷᠠᠰᠢᠶᠠᠨ ᠤ ᠺᠠᠳ᠋ᠷ ᠤᠯᠠᠨ ᠲᠦᠮᠡᠨ ᠤ ᠡᠬᠡ ᠤᠯᠤᠰ ᠤᠨ ᠤᠮᠠᠷᠠᠲᠤ ᠢᠢᠨ ᠠᠮᠤᠷ ᠲᠦᠪᠰᠢᠨ ᠲᠤᠬᠳᠠᠭᠤᠨ ᠢ ᠬᠠᠮᠠᠭᠠᠯᠠᠬᠤ ᠬᠠᠷᠢᠭᠤᠴᠠᠯᠭ᠎ᠠ ᠬᠦᠨᠳᠤ ᠶᠡᠭᠡ ᠪᠠᠶᠢᠳᠠᠭ᠃      ᠸᠠᠩ ᠢᠦᠶ ᠹᠠ ᠮᠡᠳᠤ ᠶᠢᠨ ᠬᠦᠮᠦᠰ ᠤᠨ ᠲᠠᠶᠢᠴᠢᠯᠠᠯᠳᠠ ᠳᠠᠭᠠᠭᠤᠯᠭ᠎ᠠ ᠳᠤᠤᠷ᠎ᠠ᠂ ᠤᠯᠠᠮ ᠠᠴᠠ ᠣᠯᠠᠨ ᠬᠢᠯᠢ ᠶᠢᠨ ᠠᠷᠠᠳ ᠰᠠᠶᠢᠨ ᠳᠤᠷ᠎ᠠ ᠠᠴᠠ ᠪᠠᠨ ︽ᠴᠠᠰᠤᠲᠤ ᠬᠤᠲᠠ ᠶᠢᠨ ᠵᠢᠷᠤᠮ ᠤᠨ ᠴᠠᠭᠳᠠᠭ᠎ᠠ︾ ᠶᠢᠨ ᠡᠩᠨᠡᠭᠡᠨ ᠳᠤ ᠣᠷᠣᠵᠤ᠂ ︽ᠨᠢᠭᠡ ᠬᠢᠯᠢ ᠬᠢᠵᠠᠭᠠᠷ ᠤᠨ ᠠᠵᠢᠯᠯᠠᠬᠤ ᠴᠡᠭ ᠪᠣᠯ ᠲᠠᠷᠤᠢ ᠨᠢᠭᠡ ᠬᠠᠷᠠᠭᠤᠯ ᠤᠨ ᠭᠠᠵᠠᠷ᠂ ᠨᠢᠭᠡ ᠬᠢᠯᠢ ᠶᠢᠨ ᠠᠷᠠᠳ ᠪᠣᠯ ᠨᠢᠭᠡ ᠬᠠᠷᠠᠭᠤᠯ ᠤᠨ ᠴᠡᠷᠢᠭ ᠮᠥᠨ︾ ᠭᠡᠬᠦ ᠬᠢᠯᠢ ᠶᠢᠨ ᠬᠠᠮᠢᠶᠠᠷᠤᠯᠳᠠ ᠶᠢᠨ ᠵᠠᠭᠪᠤᠷ ᠢ ᠪᠣᠶ ᠪᠣᠯᠭᠠᠭᠰᠠᠨ ᠪᠥᠭᠡᠳ ︽ᠤᠯᠤᠰ ᠢᠶᠠᠨ ᠬᠠᠶᠢᠷᠠᠯᠠᠬᠤ ᠬᠢᠴᠢᠶᠡᠯ᠂ ᠤᠯᠤᠰ ᠤᠨ ᠪᠠᠲᠤᠯᠠᠨ ᠬᠠᠮᠠᠭᠠᠯᠠᠯᠲᠠ ᠶᠢᠨ ᠬᠢᠴᠢᠶᠡᠯ᠂ ᠪᠦᠯᠬᠦᠮᠳᠡᠯ ᠤᠨ ᠬᠢᠴᠢᠶᠡᠯ᠂ ᠲᠠᠯᠠᠷᠬᠠᠯ ᠤᠨ ᠬᠢᠴᠢᠶᠡᠯ︾ ᠤᠨ ᠠᠵᠢᠯᠯᠠᠭ᠎ᠠ ᠪᠠᠷ ᠳᠠᠮᠵᠢᠭᠤᠯᠤᠨ᠂ ᠣᠯᠠᠨ ᠲᠦᠮᠡᠨ ᠪᠠ ᠬᠢᠯᠢ ᠶᠢᠨ ᠬᠠᠮᠠᠭᠠᠯᠠᠯᠲᠠ ᠶᠢᠨ ᠴᠡᠷᠢᠭ ᠴᠠᠬᠳᠠᠭ᠎ᠠ ᠲᠠᠢ ᠬᠠᠮᠲᠤ ᠪᠠᠷ ᠰᠤᠷᠤᠯᠴᠠᠵᠤ ᠬᠠᠷᠢᠯᠴᠠᠨ ᠬᠠᠪᠰᠤᠷᠤᠯᠴᠠᠵᠤ᠂ ᠬᠢᠯᠢ ᠬᠢᠵᠠᠭᠠᠷ ᠤᠨ ᠠᠮᠤᠷ ᠲᠣᠭᠲᠠᠭᠤᠨ ᠢ ᠬᠠᠮᠲᠤ ᠪᠠᠷ ᠪᠠᠳᠤᠯᠠᠨ᠎ᠠ᠃      ᠡᠳᠦᠭᠡ᠂ ᠬᠢᠯᠢ ᠶᠢᠨ ᠬᠠᠮᠠᠭᠠᠯᠠᠯᠲᠠ ᠶᠢᠨ ᠳᠠᠷᠤᠭ᠎ᠠ ᠪᠠᠶᠢᠯᠳᠤᠭᠴᠢ᠂ ᠨᠡᠭᠦᠳᠡᠯ ᠠᠷᠠᠳ ᠤᠨ ᠬᠠᠮᠢᠶᠠᠷᠤᠯᠲᠠ ᠶᠢᠨ ᠴᠠᠭᠳᠠᠭ᠎ᠠ᠂ ︽ᠴᠠᠰᠤᠲᠤ ᠬᠤᠳᠠ ᠶᠢᠨ ᠵᠢᠷᠤᠮ ᠤᠨ ᠴᠠᠭᠳᠠᠭ᠎ᠠ︾᠂ ᠺᠠᠳ᠋ᠷ ᠤᠯᠠᠨ ᠲᠦᠮᠡᠨ ᠁ ᠰᠡᠳᠭᠢᠯ ᠨᠢᠭᠡᠳᠦᠨ ᠬᠢᠯᠢ ᠬᠢᠵᠠᠭᠠᠷ ᠢᠶᠠᠨ ᠰᠠᠬᠢᠵᠤ᠂ ᠬᠦᠴᠦ ᠪᠠᠨ ᠬᠠᠮᠲᠤᠳᠬᠠᠨ ᠬᠢᠯᠢ ᠬᠢᠵᠠᠭᠠᠷ ᠢ ᠬᠠᠮᠠᠭᠠᠯᠠᠵᠦ᠂ ᠡᠬᠡ ᠤᠯᠤᠰ ᠤᠨ ᠤᠮᠠᠷᠠᠲᠤ ᠶᠢᠨ ᠠᠮᠤᠷ ᠲᠦᠪᠰᠢᠨ ᠲᠣᠭᠲᠠᠭᠤᠨ ᠤ ᠬᠠᠯᠬᠠᠪᠴᠢ ᠶᠢ ᠬᠠᠳᠠ ᠴᠢᠯᠠᠭᠤ ᠮᠡᠲᠦ ᠪᠠᠬᠢᠵᠢᠬᠦᠯᠦᠨ᠎ᠡ᠃          ᠰᠦᠨ ᠯᠢ ᠵᠢᠩ ᠮᠠᠳᠡᠭᠡᠯᠡᠪᠡ
 
ᠢᠷᠡᠯᠲᠡ᠄ ​ ᠦᠪᠣᠷ ᠮᠣᠩᠭᠤᠯ ᠤᠨ ᠡᠳᠣᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号