ᠥᠨᠥᠳᠦᠷ᠂ ᠠᠮᠢᠲᠤᠷᠠᠯ ᠤᠨ ᠠᠶᠢᠵᠠᠮ ᠲᠦᠷᠭᠡᠰᠴᠦ᠂ ᠠᠵᠢᠯ ᠤᠨ ᠲᠠᠷᠤᠭᠠᠰᠦ ᠨᠡᠮᠡᠭᠳᠡᠨ᠂ ︽ᠬᠡᠲᠦᠷᠡᠳᠡᠯ᠎ᠡ | ᠶᠠᠳᠠᠷᠠᠭᠠᠳ ᠮᠠᠷᠢᠶᠠᠯᠠᠬᠤ︾᠂ ︽ᠭᠡᠲᠦᠷᠡᠳᠡᠯ᠎ᠡ ᠶᠠᠲᠠᠷᠠᠭᠠᠳ ᠮᠠᠨᠠᠷᠠᠬᠤ︾ ᠵᠡᠷᠭᠡ ᠡᠷᠡᠭᠦᠯ ᠮᠡᠨᠳᠦ ᠶᠢᠨ ᠠᠰᠠᠭᠤᠳᠠᠯ | ᠴᠤ ᠶᠠᠪᠤᠬᠤ ᠲᠤᠲᠤᠮ ᠬᠦᠮᠦᠰ ᠤᠨ ᠠᠩᠬᠠᠷᠤᠯ ᠢ ᠲᠠᠲᠠᠵᠤ ᠪᠠᠶᠢᠨ᠎ᠠ᠃ ᠡᠳᠡᠭᠡᠷ ᠢ ᠬᠡᠯᠡᠵᠦ ᠪᠠᠶᠢᠭ᠎ᠠ ᠨᠢ ᠲᠠᠨ ᠢ | ᠠᠶᠤᠯᠭᠠᠬᠤ ᠶᠢᠨ ᠲᠥᠯᠥᠭᠡ ᠪᠢᠰᠢ᠂ ᠬᠠᠷᠢᠨ ᠡᠷᠡᠭᠦᠯ ᠮᠡᠨᠳᠦ ᠶᠢᠨ ᠠᠰᠠᠭᠤᠳᠠᠯ ᠳᠠᠭᠠᠨ ᠵᠥᠪ ᠢᠶᠠᠷ ᠬᠠᠨᠳᠤᠵᠤ᠂ ᠪᠡᠶ᠎ᠡ | ᠮᠠᠬᠠᠪᠣᠳ ᠬᠠᠪᠤ ᠦᠬᠡᠢ ᠪᠤᠯᠤᠭᠰᠠᠨ ᠤ ᠲᠠᠷᠠᠭᠠᠬᠢ ᠳᠣᠬᠢᠶ᠎ᠠ ᠶᠢ ᠡᠷᠳᠡᠭᠡᠨ ᠤᠯᠵᠦ ᠮᠡᠳᠡᠭᠡᠳ ᠬᠤᠷᠲᠤᠬᠠᠨ ᠠᠷᠭ᠎ᠠ | ᠬᠡᠮᠵᠢᠶ᠎ᠡ ᠠᠪᠬᠤ ᠶᠢ ᠰᠠᠨᠠᠭᠤᠯᠤᠶ᠎ᠠ ᠭᠡᠰᠡᠨ ᠶᠤᠮ᠃ ᠲᠡᠭᠡᠪᠡᠯ ᠳᠤᠤᠷᠠᠬᠢ ᠬᠡᠲᠦᠨ ᠰᠡᠷᠡᠮᠵᠢ ᠶᠢᠨ ᠳᠣᠬᠢᠶ᠎ᠠ ᠶᠢ ᠲᠠ | ᠤᠯᠵᠦ ᠮᠡᠳᠡᠭᠰᠡᠨ ᠤᠤ︖ | ᠬᠡᠪᠡᠯᠢ ᠶᠢᠨ ᠬᠡᠰᠡᠭ ᠮᠠᠷᠢᠶᠠᠯᠠᠬᠤ᠄ 30 — 50 ᠨᠠᠰᠤᠨ ᠤ ᠬᠥᠮᠦᠨ ᠤ ᠬᠡᠪᠡᠯᠢ ᠶᠢᠨ ᠬᠡᠰᠡᠭ | ᠮᠠᠷᠢᠶᠠᠯᠠᠬᠤ ᠨᠢ ᠦᠷᠭᠦᠯᠵᠢ ᠴᠢᠰᠤᠨ ᠥᠭᠡᠬᠦ ᠥᠨᠳᠥᠷᠵᠢᠬᠦ᠂ ᠡᠯᠢᠭᠡ ᠥᠭᠡᠬᠦᠯᠡᠬᠦ᠂ ᠴᠢᠰᠤᠨ ᠳᠠᠷᠤᠯᠲᠠ | ᠥᠨᠳᠥᠷᠵᠢᠬᠦ ᠪᠠ ᠵᠢᠷᠦᠬᠡᠨ ᠲᠢᠲᠢᠮ ᠤᠨ ᠡᠪᠡᠳᠴᠢᠨ ᠵᠡᠷᠭᠡ ᠲᠠᠢ ᠬᠤᠯᠪᠤᠭ᠎ᠠ ᠲᠠᠢ ᠪᠠᠶᠢᠲᠠᠭ᠃ ᠡᠭᠦᠨ ᠠᠴᠠ | ᠭᠠᠳᠠᠨ᠎ᠠ᠂ ᠭᠡᠳᠡᠰᠦ ᠪᠦᠲᠦᠬᠦᠷᠡᠬᠦ ᠨᠢ ᠪᠠᠰᠠ ᠴᠢᠰᠤᠨ ᠰᠢᠬᠢᠷ ᠬᠡᠪ ᠤᠨ ᠪᠤᠰᠤ᠂ ᠲᠠᠮᠠᠬᠢ ᠲᠠᠲᠠᠬᠤ ᠵᠡᠷᠭᠡ ᠰᠢᠯᠲᠠᠭᠠᠨ | ᠪᠠ ᠢᠳᠡᠭᠡᠨ ᠤᠮᠳᠠᠭᠠᠨ ᠤ ᠮᠠᠭᠤ ᠳᠠᠳᠬᠠᠯ ᠠᠴᠠ ᠪᠣᠯᠤᠬᠰᠠᠨ ᠪᠠᠶᠢᠵᠦ ᠮᠡᠳᠡᠨ᠎ᠡ᠃ | ᠬᠡᠵᠢᠬᠡ ᠤᠨᠠᠬᠤ᠄ ᠠᠵᠢᠯ ᠤᠨ ᠳᠠᠷᠤᠭᠠᠰᠤ ᠨᠡᠮᠡᠭᠳᠡᠬᠦ ᠪᠠ ᠣᠶᠤᠨ ᠰᠠᠨᠠᠭᠠᠨ ᠤ ᠪᠠᠴᠢᠮᠳᠠᠯ ᠠᠴᠠ ᠪᠤᠯᠵᠦ | ᠬᠡᠵᠢᠭᠡ ᠤᠨᠠᠲᠠᠭ᠃ ᠡᠬᠦᠨ ᠠᠴᠠ ᠭᠠᠲᠠᠨ᠎ᠠ ᠪᠠᠰᠠ ᠨᠦᠢᠷ ᠬᠤᠯᠵᠢᠬᠤ ᠡᠰᠡᠬᠦᠯ᠎ᠡ ᠬᠡᠲᠦ ᠤᠷᠤᠢ ᠤᠨᠲᠠᠬᠤ ᠵᠡᠷᠭᠡ ᠨᠢ | ᠠᠷᠠᠰᠤᠨ ᠤ ᠥᠭᠡᠬᠦ ᠶᠢᠨ ᠱᠦᠭᠦᠷᠡᠯᠲᠡ ᠶᠢ ᠨᠡᠮᠡᠭᠳᠡᠭᠦᠯᠵᠦ᠂ ᠥᠭᠡᠬᠦ ᠨᠡᠪᠴᠢᠬᠦ ᠴᠢᠨᠠᠷᠲᠠᠢ ᠦᠰᠦ ᠤᠨᠠᠬᠤ ᠪᠠᠶᠢᠲᠠᠯ ᠢ | ᠡᠬᠦᠰᠭᠡᠳᠡᠭ᠃ ᠪᠠᠰᠠ ᠵᠠᠷᠢᠮ ᠦᠷᠭᠦᠯᠵᠢ ᠲᠣᠬᠢᠶᠠᠯᠳᠤᠳᠠᠭ ᠳᠣᠲᠣᠷ ᠰᠠᠯᠠᠭᠠᠨ ᠤ ᠡᠪᠡᠳᠴᠢᠨ᠂ ᠵᠢᠱᠢᠶᠡᠯᠡᠪᠡᠯ ᠡᠯᠢᠭᠡ | ᠪᠥᠭᠡᠷᠡᠨ ᠤ ᠠᠵᠢᠯᠯᠠᠭ᠎ᠠ ᠶᠢᠨ ᠭᠡᠮᠲᠦᠯ ᠵᠢᠴᠢ ᠪᠠᠮᠪᠠᠢ ᠪᠤᠯᠴᠢᠷᠬᠠᠶ᠂ ᠳᠣᠲᠣᠭᠠᠳᠤ ᠱᠦᠭᠦᠷᠡᠯ ᠵᠡᠷᠭᠡ ᠠᠵᠢᠯᠯᠠᠭ᠎ᠠ ᠶᠢᠨ | ᠰᠠᠮᠠᠭᠤᠷᠠᠯ ᠠᠴᠠ ᠪᠣᠯᠵᠤ ᠬᠡᠵᠢᠬᠡ ᠤᠨᠠᠲᠠᠭ ᠪᠠᠶᠢᠨ᠎ᠠ᠃ | ᠰᠢᠬᠡᠰᠦ ᠠᠯᠲᠠᠬᠤ᠄ 30 — 40 ᠨᠠᠰᠤᠨ ᠤ ᠬᠤᠭᠤᠷᠣᠨᠳᠣᠬᠢ ᠬᠥᠮᠦᠨ ᠪᠠᠶᠢᠨ ᠳᠠᠬᠢᠨ ᠵᠣᠷᠯᠣᠩ ᠳᠤ | ᠤᠷᠤᠵᠦ᠂ ᠵᠤᠷᠯᠤᠩ ᠳᠤ ᠤᠷᠤᠬᠤ ᠲᠤᠭ᠎ᠠ ᠨᠢ ᠡᠩ ᠤᠨ ᠬᠥᠮᠦᠨ ᠠᠴᠠ ᠢᠯᠡᠬᠦᠦ ᠪᠠᠶᠢᠬᠤ ᠨᠢ ᠡᠷᠡᠬᠦᠯ ᠮᠠᠨᠲᠦ ᠶᠢᠨ | ᠠᠰᠠᠭᠤᠲᠠᠯ ᠤᠷᠤᠰᠢᠵᠦ ᠪᠠᠶᠢᠭ᠎ᠠ ᠶᠢ ᠨᠢᠬᠡ ᠲᠠᠯ᠎ᠠ ᠠᠴᠠ ᠬᠠᠷᠠᠭᠤᠯᠵᠦ ᠪᠠᠶᠢᠲᠠᠭ᠃ ᠤᠰᠤ ᠠᠷᠪᠢᠨ ᠤᠤᠭᠤᠬᠤ᠂ | ᠦᠷᠪᠢᠰᠦᠯ ᠵᠡᠷᠭᠡ ᠬᠦᠴᠦᠨ ᠵᠦᠢᠯ ᠠᠴᠠ ᠭᠠᠳᠠᠨ᠎ᠠ᠂ ᠣᠶᠤᠨ ᠰᠠᠨᠠᠭᠠᠨ ᠤ ᠳᠠᠷᠤᠯᠲᠠ ᠨᠢ ᠮᠥᠨ ᠴᠦ ᠪᠠᠶᠢᠨ ᠲᠠᠬᠢᠨ | ᠰᠢᠬᠡᠬᠦ ᠶᠢᠨ ᠨᠢᠬᠡᠨ ᠰᠢᠯᠲᠠᠭᠠᠨ ᠪᠣᠯᠤᠨ᠎ᠠ᠂ ᠪᠠᠰᠠ ᠪᠦᠬᠡᠷ᠎ᠠ ᠶᠢᠨ ᠴᠢᠯᠠᠭᠤᠵᠢᠮᠠᠯ ᠪᠤᠶᠤ ᠰᠢᠭᠡᠰᠦ ᠢᠯᠭᠠᠷᠠᠭᠤᠯᠬᠤ | ᠰᠢᠰᠲ᠋ᠧᠮ ᠤᠨ ᠡᠪᠡᠳᠴᠢᠨ ᠠᠴᠠ ᠪᠤᠯᠤᠬᠰᠠᠨ ᠪᠠᠶᠢᠵᠦ ᠮᠡᠳᠡᠨ᠎ᠡ᠃ | ᠴᠡᠭᠡᠵᠢᠯᠡᠬᠦ ᠴᠢᠳᠠᠪᠤᠷᠢ ᠮᠠᠭᠤᠳᠠᠬᠤ᠄ ᠵᠣᠪᠠᠵᠦ ᠪᠤᠬᠢᠨᠢᠳᠤᠬᠤ᠂ ᠨᠦᠢᠷ ᠬᠤᠯᠵᠢᠵᠤ ᠰᠥᠨᠢᠵᠢᠨ ᠰᠠᠭᠤᠬᠤ ᠪᠠ | ᠲᠠᠷᠢᠬᠢ ᠪᠠᠨ ᠬᠡᠲᠦᠷᠡᠲᠡᠯ᠎ᠡ ᠭᠡᠷᠡᠭᠯᠡᠬᠦ ᠵᠡᠷᠭᠡ ᠨᠢ ᠪᠦᠷ ᠴᠡᠭᠡᠵᠢᠯᠡᠬᠦ ᠴᠢᠳᠠᠪᠤᠷᠢ ᠶᠢ ᠲᠤᠷᠦ᠋ᠢᠲᠠᠭᠤᠯᠲᠠᠭ᠃ ᠡᠬᠦᠨ ᠠᠴᠠ | ᠭᠠᠲᠠᠨ᠎ᠠ᠂ ᠪᠡᠶ᠎ᠡ ᠶᠠᠳᠠᠷᠠᠬᠤ ᠶᠢ ᠲᠠᠭᠠᠯᠲᠤᠨ ᠭᠠᠳᠠᠭᠠᠳᠤ ᠶᠢᠷᠳᠢᠨᠴᠤ ᠶᠢᠨ ᠬᠡᠷᠡᠭ ᠪᠣᠳᠠᠰ ᠢ ᠰᠡᠷᠭᠡᠭ ᠢᠶᠠᠷ ᠲᠠᠨᠢᠬᠤ | ᠬᠡᠮᠵᠢᠶ᠎ᠡ ᠨᠢ ᠪᠠᠭᠤᠷᠠᠵᠤ᠂ ᠴᠡᠭᠡᠵᠢᠯᠡᠬᠦ ᠴᠢᠳᠠᠪᠤᠷᠢ ᠴᠤ ᠮᠠᠭᠤᠲᠠᠲᠠᠭ᠃ | ᠴᠡᠭᠡᠵᠢ ᠪᠠᠷ ᠪᠤᠲᠤᠬᠤ ᠴᠢᠲᠠᠪᠦᠷᠢ ᠲᠤᠷᠦ᠋ᠢᠲᠠᠬᠤ᠄ ᠴᠡᠭᠡᠵᠢᠯᠡᠬᠦ ᠴᠢᠳᠠᠪᠤᠷᠢ ᠪᠠᠭᠤᠷᠠᠬᠤ ᠲᠠᠢ ᠠᠳᠠᠯᠢ ᠪᠠᠷ᠂ | ᠴᠡᠭᠡᠵᠢ ᠪᠠᠷ ᠪᠤᠳᠤᠬᠤ ᠴᠢᠳᠠᠪᠤᠷᠢ ᠶᠢᠨ ᠮᠠᠭᠤᠳᠠᠬᠤ ᠨᠢ ᠴᠦ ᠰᠥᠨᠢᠵᠢᠨ ᠰᠠᠭᠤᠬᠤ᠂ ᠨᠦᠢᠷ ᠬᠤᠯᠵᠢᠬᠤ ᠵᠡᠷᠭᠡ ᠲᠠᠢ | ᠬᠤᠯᠪᠣᠭ᠎ᠠ ᠲᠠᠢ ᠪᠠᠶᠢᠳᠠᠭ᠃ | ᠠᠭᠤᠷᠯᠠᠵᠦ ᠲᠤᠭᠰᠢᠷᠠᠬᠤ᠄ ᠡᠨᠡ ᠨᠢ ᠠᠵᠢᠯ ᠤᠨ ᠲᠠᠷᠤᠭᠠᠰᠦ᠂ ᠠᠮᠢᠲᠤᠷᠠᠯ ᠤᠨ ᠨᠤᠬᠤᠴᠠᠭᠠᠨ ᠠᠴᠠ | ᠪᠤᠯᠤᠬᠰᠠᠨ ᠪᠠᠶᠢᠵᠦ ᠮᠡᠳᠡᠨ᠎ᠡ᠃ ᠡᠳᠡᠭᠡᠷ ᠢᠯᠡᠷᠡᠯ ᠭᠠᠷᠪᠠᠯ ᠴᠠᠭ ᠲᠤᠬᠠᠶ ᠳᠤᠨᠢ ᠥᠪᠡᠷ ᠤᠨ ᠰᠡᠳᠭᠢᠴᠡ ᠪᠠ | ᠠᠵᠢᠯᠯᠠᠵᠤ ᠠᠮᠠᠷᠠᠬᠤ ᠴᠠᠭ ᠢᠶᠠᠨ ᠲᠣᠬᠢᠷᠠᠭᠤᠯᠵᠦ᠂ ᠰᠡᠳᠭᠢᠯ ᠰᠠᠨᠠᠭ᠎ᠠ ᠪᠠᠨ ᠲᠠᠶᠢᠪᠤᠰᠢᠷᠠᠭᠤᠯᠵᠦ᠂ ᠲᠤᠭᠤᠰᠢᠲᠠᠢ | ᠠᠮᠠᠷᠠᠵᠦ ᠪᠤᠯᠤᠨ᠎ᠠ᠃ | ᠠᠩᠬᠠᠷᠤᠯ ᠲᠥᠪᠯᠡᠷᠡᠭᠦ ᠦᠬᠡᠢ᠄ ᠡᠨᠡ ᠨᠢ ᠨᠦᠢᠷ ᠮᠠᠭᠤ ᠠᠴᠠ ᠪᠤᠯᠤᠬᠰᠠᠨ ᠠᠴᠠ ᠭᠠᠳᠠᠨ᠎ᠠ ᠤᠶᠤᠨ | ᠰᠠᠨᠠᠭᠠᠨ ᠤ ᠭᠠᠨᠭ᠍ᠰᠠᠷᠠᠯ ᠲᠠᠢ ᠬᠠᠮᠢᠶ᠎ᠠ ᠲᠠᠢ ᠪᠠᠶᠢᠵᠦ ᠮᠡᠳᠡᠨ᠎ᠡ᠃ ᠰᠡᠳᠭᠢᠯ ᠤᠨ ᠳᠠᠷᠤᠯᠲᠠ ᠶᠡᠭᠡ ᠪᠤᠯ ᠪᠡᠶ᠎ᠡ | ᠴᠦ ᠲᠠᠭᠠᠨ ᠮᠠᠭᠤᠲᠠᠵᠦ᠂ ᠤᠷᠮ᠎ᠠ ᠰᠡᠳᠭᠢᠯᠭᠡ ᠶᠢ ᠨᠥᠯᠥᠭᠡᠯᠡᠬᠦ ᠪᠠᠷ ᠪᠠᠷᠠᠬᠤ ᠥᠬᠡᠶ ᠬᠥᠮᠦᠰ ᠤᠨ ᠲᠠᠨᠢᠨ | ᠮᠡᠳᠡᠬᠦᠶ ᠶᠢ ᠴᠦ ᠨᠥᠯᠥᠭᠡᠯᠡᠳᠡᠭ᠃ ᠡᠶᠢᠮᠦ ᠠᠴᠠ ᠡᠩ ᠤᠨ ᠠᠮᠢᠲᠤᠷᠠᠯ ᠳᠠᠭᠠᠨ ᠲᠠᠷᠤᠭᠠᠰᠦ ᠪᠠᠨ ᠬᠦᠡᠭᠭᠡᠯᠡᠵᠦ | ᠰᠡᠳᠭᠢᠯ ᠢᠶᠠᠨ ᠠᠷᠭᠠᠲᠠᠵᠦ ᠰᠤᠷᠬᠤ ᠨᠢ ᠴᠢᠬᠤᠯᠠ᠃ | ᠨᠦᠢᠷ ᠮᠠᠭᠤᠳᠠᠬᠤ᠄ ᠤᠨᠲᠠᠬᠤ ᠴᠠᠭ ᠤᠯᠠᠮ ᠠᠴᠠ ᠤᠯᠠᠮ ᠣᠬᠤᠷ ᠪᠣᠯᠵᠤ᠂ ᠰᠦᠨᠢ ᠳᠡᠭᠡᠨ ᠤᠨᠲᠠᠬᠤ ᠦᠬᠡᠢ | ᠂ ᠡᠲᠦᠷ ᠲᠡᠭᠡᠨ ᠴᠤᠭ ᠰᠦᠯᠳᠡ ᠦᠬᠡᠢ᠃ ᠡᠳᠡᠭᠡᠷ ᠨᠢ ᠪᠦᠷ ᠣᠶᠤᠨ ᠰᠠᠨᠠᠭᠠᠨ ᠤ ᠰᠠᠮᠠᠭᠤᠷᠠᠯ ᠠᠴᠠ ᠪᠣᠯᠵᠠᠶ᠃ | ᠣᠶᠤᠨ ᠰᠠᠨᠠᠭᠠᠨ ᠤ ᠳᠠᠷᠤᠯᠲᠠ ᠶᠡᠭᠡ᠂ ᠰᠠᠨᠲᠤᠷᠤᠯ ᠪᠠᠴᠢᠮᠳᠠᠯ ᠠᠴᠠ ᠪᠣᠯᠵᠤ ᠤᠨᠲᠠᠯᠭ᠎ᠠ ᠶᠢᠨ ᠶᠠᠰᠦ ᠴᠢᠨᠠᠷ | ᠳᠣᠷᠣᠭᠰᠢᠯᠠᠨ᠎ᠠ᠃ ᠤᠨᠲᠠᠬᠤ ᠠᠴᠠ ᠪᠠᠨ ᠡᠮᠦᠨ᠎ᠡ ᠬᠥᠭᠵᠢᠮ ᠰᠣᠨᠣᠰᠴᠤ᠂ ᠰᠡᠳᠭᠢᠯ ᠰᠠᠨᠠᠭ᠎ᠠ ᠪᠠᠨ | ᠲᠠᠶᠢᠪᠤᠰᠢᠷᠠᠭᠤᠯᠵᠤ᠂ ᠪᠠᠰᠠ ᠬᠠᠯᠠᠭᠤᠨ ᠤᠰᠤ ᠪᠠᠷ ᠬᠦᠯ ᠢᠶᠠᠨ ᠲᠡᠪᠳᠦᠭᠡᠭᠦ ᠪᠤᠶᠤ ᠨᠢᠭᠡ ᠴᠣᠮᠣ ᠬᠠᠯᠠᠭᠤᠨ ᠰᠦ | ᠤᠤᠭᠤᠵᠤ ᠪᠣᠯᠤᠨ᠎ᠠ᠂ ᠡᠨᠡ ᠨᠢ ᠪᠦᠷ ᠤᠨᠲᠠᠯᠭ᠎ᠠ ᠳᠤ ᠬᠠᠪᠰᠤᠷᠤᠮᠵᠢ ᠪᠣᠯᠳᠠᠭ᠃ | ᠲᠣᠯᠣᠭᠠᠢ ᠡᠪᠡᠳᠴᠦ ᠴᠢᠬᠢ ᠱᠤᠤᠭᠢᠬᠤ᠄ ᠦᠷᠭᠦᠯᠵᠢ ᠶᠢᠨ ᠴᠢᠨᠠᠷᠲᠠᠢ ᠲᠣᠯᠣᠭᠠᠢ ᠡᠪᠡᠳᠬᠦ᠂ ᠴᠢᠬᠢ | ᠱᠤᠤᠭᠢᠬᠤ ᠨᠢ ᠶᠡᠷᠦ ᠳᠡᠭᠡᠨ ᠪᠦᠷ ᠮᠡᠳᠡᠷᠡᠯ ᠤᠨ ᠴᠢᠨᠠᠷᠲᠠᠢ ᠪᠠᠶᠢᠲᠠᠭ᠃ ᠤᠷᠲᠤ ᠬᠤᠭᠤᠴᠠᠭᠠᠨ ᠤ ᠶᠠᠳᠠᠷᠠᠯ ᠵᠦᠳᠡᠷᠡᠯ᠂ | ᠣᠶᠤᠨ ᠰᠠᠨᠠᠭᠠᠨ ᠤ ᠳᠠᠷᠤᠯᠲᠠ ᠶᠡᠭᠡ᠂ ᠤᠨᠲᠠᠬᠤ ᠴᠠᠭ ᠬᠦᠷᠦᠯᠴᠡᠬᠦ ᠦᠭᠡᠢ᠂ ᠨᠦᠢᠷ ᠮᠠᠭᠤᠳᠠᠬᠤ ᠵᠡᠷᠭᠡ | ᠰᠢᠯᠲᠠᠭᠠᠨ ᠠᠴᠠ ᠪᠤᠯᠤᠬᠰᠠᠨ ᠪᠠᠶᠢᠲᠠᠭ ᠶᠤᠮ᠃ | ᠶᠡᠷᠦᠩᠬᠡᠢ ᠳᠤᠨᠢ ᠠᠪᠴᠤ ᠬᠡᠯᠡᠪᠡᠯ᠂ ᠬᠡᠪ ᠤᠨ ᠶᠣᠰᠣᠭᠠᠷ ᠠᠵᠢᠯᠯᠠᠵᠤ ᠠᠮᠠᠷᠠᠨ᠂ ᠢᠳᠡᠭᠡᠨ ᠤᠮᠲᠠᠭᠠᠨ ᠢᠶᠠᠨ | ᠰᠠᠶᠢᠲᠦᠷ ᠲᠤᠬᠢᠷᠠᠭᠤᠯᠵᠦ᠂ ᠰᠡᠳᠭᠢᠯ ᠰᠠᠨᠠᠭ᠎ᠠ ᠪᠠᠨ ᠪᠠᠶᠠᠰᠬᠠᠵᠦ᠂ ᠬᠠᠨᠲᠠᠯ᠎ᠠ ᠤᠨᠲᠠᠬᠤ ᠶᠢ ᠪᠠᠲᠤᠯᠠᠪᠠᠯ ᠲᠡᠭᠡᠷ᠎ᠡ | ᠶᠠᠷᠢᠬᠰᠠᠨ ᠡᠳᠡᠭᠡᠷ ᠢᠯᠡᠷᠡᠯ ᠠᠭᠠᠵᠢᠮ ᠳᠠᠭᠠᠨ ᠠᠷᠢᠯᠬᠤ ᠪᠤᠯᠤᠨ᠎ᠠ᠃ | ︵︽ᠲᠤᠮᠳᠡᠳᠥ ᠤᠯᠤᠰ ᠤᠨ ᠮᠤᠩᠭᠤᠯ ᠬᠡᠯᠠᠨ ᠤ ᠰᠤᠨᠢᠨ ᠮᠠᠳᠡᠭᠡ ᠶᠢᠨ ᠰᠥᠯᠵᠢᠶ᠎ᠠ︾ ᠠᠴᠠ︶ |