ᠨᠠᠷᠡᠳᠣ ᠭᠠᠵᠡᠷ ——  ᠦ᠋ ᠴᠠ ᠭᠧᠦ
ᠨᠡᠶᠢᠲᠡᠯᠡᠭᠰᠡᠨ ᠴᠠᠭ᠄
2024/5/21
      ᠦ᠋ ᠴᠠ ᠭᠧᠦ ᠪᠠᠯᠭᠠᠰᠣ ᠪᠣᠯ ᠷᠡᠰᠢᠶᠠᠨ ᠬᠤᠳᠡ ᠶᠢᠨ ᠬᠠᠷᠢᠶᠠᠨ ᠳᠠᠬᠢ ᠴᠢᠬᠤᠯᠡ ᠨᠢᠭᠡ ᠵᠠᠰᠠᠭ ᠵᠠᠬᠢᠷᠭᠠᠨ ᠤ ᠣᠷᠣᠨ ᠮᠦᠨ᠃ ᠵᠠᠬᠦᠨ ᠲᠠᠯ᠎ᠠ ᠪᠠᠷ ᠢᠶᠠᠨ ᠵᠠᠯᠠᠶᠢᠳ ᠬᠤᠰᠢᠭᠤ᠂ ᠰᠣᠯᠣᠨ ᠣᠢ ᠰᠢᠭᠤᠢ ᠶᠢᠨ ᠲᠠᠯᠠᠪᠠᠢ ᠲᠠᠢ ᠵᠠᠬ᠎ᠠ ᠨᠠᠶᠢᠯᠠᠵᠣ᠂ ᠡᠮᠣᠨ᠎ᠠ ᠲᠡᠯ᠎ᠠ ᠪᠠᠷ ᠢᠶᠠᠨ ᠣᠯᠠᠭᠠᠠᠮᠣᠳᠣ ᠶᠢᠨ ᠲᠠᠯ᠎ᠠ ᠨᠣᠳᠤᠭ ᠲᠠᠢ ᠬᠦᠷᠰᠢᠯᠠᠵᠣ᠂ ᠪᠠᠷᠡᠭᠤᠨ ᠲᠠᠯ᠎ᠠ ᠪᠠᠷ  ᠢᠶᠠᠨ ᠰᠢᠯᠢ ᠶᠢᠨ ᠭᠤᠣᠯ ᠠᠶᠢᠮᠠᠭ ᠤᠨ ᠦᠵᠣᠮᠣᠴᠢᠨ᠂ ᠮᠣᠩᠭᠤᠯ ᠣᠯᠣᠰ ᠲᠠᠢ ᠬᠢᠯᠢ ᠨᠠᠶᠢᠯᠠᠵᠣ ᠪᠠᠶᠢᠨ᠎ᠠ᠃       ︽ᠦ᠋ ᠴᠠ ᠭᠧᠦ ᠣᠢ ᠰᠢᠭᠤᠢ ᠶᠢᠨ ᠲᠣᠪᠴᠢᠶ᠎ᠠ︾ ᠶᠢᠨ ᠬᠠᠮᠢᠶᠠᠷᠣᠯᠳᠡ ᠶᠢᠨ ᠬᠠᠷᠢᠶᠠᠨ ᠳᠤ ᠪᠣᠭᠤ᠂ ᠪᠠᠭᠠᠪᠠᠭᠠᠢ᠂ ᠬᠦᠳᠡᠷᠢ᠂ ᠰᠢᠯᠣᠬᠦᠰᠣ᠂ ᠭᠤᠷᠭᠤᠣᠯ᠂ ᠴᠢᠨᠳᠠᠭ᠎ᠠ᠂ ᠬᠤᠶᠢᠯᠤᠭ᠂ ᠵᠦᠷ᠂ ᠵᠠᠷᠯᠢᠭ ᠭᠠᠭ᠋ᠠᠢ᠂ ᠮᠠᠩᠬᠢᠰᠣ ᠂ ᠡᠯᠪᠡᠩᠬᠦ᠂ ᠮᠠᠯᠣᠷ ᠵᠡᠷᠭᠡ ᠬᠤᠷᠢ ᠰᠢᠬᠠᠮ ᠲᠦᠷᠣᠯ ᠵᠣᠶᠢᠯ ᠤᠨ ᠭᠡᠭᠡᠷ᠎ᠡ ᠶᠢᠨ ᠠᠮᠢᠳᠡᠨ ᠠᠷᠢᠶᠠᠳᠡᠨ ᠣᠷᠣᠰᠢᠨ ᠰᠢᠪᠡᠭᠡᠯᠠᠵᠣ ᠪᠠᠶᠢᠳᠠᠭ᠃ ᠡ᠊ᠨᠳᠡᠬᠢ ᠶᠢᠨ ᠣᠢ ᠰᠢᠭᠤᠢ ᠳᠤ ᠴᠠᠨ᠎ᠠ᠂ ᠡᠪᠡᠰᠣᠨ ᠣᠷᠬᠤᠳᠡᠢ᠂ ᠬᠤᠷᠳᠣᠨ ᠴᠠᠭᠠᠨ᠂ ᠰᠢᠷ᠎ᠡ ᠴᠣᠭᠤᠷ᠂ ᠪᠠᠭᠠᠷᠡᠩ ᠴᠠᠭᠠᠨ ᠮᠠᠳᠣ ᠶᠢᠨ ᠣᠯᠡᠨ ᠲᠦᠷᠣᠯ ᠤᠨ ᠡᠪᠡᠰᠣᠨ ᠡᠮ ᠤᠨ ᠣᠷᠭᠤᠮᠠᠯ ᠣᠷᠭᠤᠵᠣ᠂ ᠵᠠᠷᠠᠭ᠎ᠠ ᠮᠦᠬᠦ᠂ ᠴᠠᠭᠠᠨ ᠮᠦᠬᠦ᠂ ᠬᠦᠭᠡ ᠮᠦᠬᠦ᠂ ᠠᠩᠬᠢᠯᠣᠮ᠎ᠠ ᠰᠢᠷ᠎ᠡ ᠮᠦᠬᠦ᠂ ᠬᠤᠰᠣᠨ ᠮᠦᠬᠦ᠂ ᠬᠤᠰᠣᠨ ᠲᠠᠯᠳᠡᠣ᠂ ᠪᠢᠯᠢᠭᠳᠦ ᠲᠠᠯᠳᠡᠣ ᠵᠡᠷᠭᠡ ᠶᠢᠨ ᠣᠯᠡᠨ ᠲᠦᠷᠣᠯ ᠤᠨ ᠢᠳᠡᠰᠢᠨ ᠮᠦᠬᠦᠨᠴᠢᠷ ᠣᠷᠭᠤᠳᠠᠭ᠃
 
ᠢᠷᠡᠯᠲᠡ᠄ ︽ᠲᠠᠪᠣᠨ ᠭᠤᠣᠯ ᠤᠨ ᠰᠣᠶᠣᠯ ᠵᠦᠢ ᠶᠢᠨ ᠪᠠᠶᠢᠴᠠᠭᠠᠯᠳᠡ︾
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号