ᠣᠶᠢᠷ᠎ᠠ ᠳᠤ ᠳᠡᠭᠷᠢ ᠶᠡᠭᠡ ᠬᠦᠢᠳᠡᠷᠡᠵᠦ᠂ ᠴᠠᠰᠤ ᠪᠣᠷᠣᠭᠠᠨ ᠣᠷᠣᠵᠦ᠂ ᠰᠢᠷᠦᠬᠦᠨ ᠰᠢᠭᠤᠷᠭ᠎ᠠ ᠰᠢᠭᠤᠷᠠᠭᠰᠠᠨ | ᠠᠴᠠ ᠮᠠᠯ ᠠᠵᠤ ᠠᠬᠤᠢ ᠳᠤ ᠮᠠᠰᠢ ᠠᠰᠢᠭ ᠦᠭᠡᠢ ᠨᠥᠯᠥᠭᠡ ᠪᠤᠯᠤᠬᠰᠠᠨ ᠪᠠᠶᠢᠨ᠎ᠠ᠃ ᠡᠨᠡ ᠪᠠᠶᠢᠳᠠᠯ ᠳᠤ | ᠴᠢᠭᠯᠡᠭᠦᠯᠦᠨ ᠬᠥᠳᠡᠭᠡ ᠠᠵᠦ ᠠᠬᠤᠢ ᠬᠦᠳᠡᠭᠡ ᠲᠤᠰᠬᠤᠨ ᠤ ᠶᠠᠮᠤᠨ ︽ᠮᠠᠯ ᠠᠵᠤ ᠠᠬᠤᠢ ᠶᠢᠨ ᠬᠠᠳᠠᠭᠤ ᠰᠢᠷᠦᠭᠦᠨ | ᠵᠤᠳ ᠲᠠᠢ ᠴᠠᠭ ᠠᠭᠠᠷ ᠢ ᠠᠷᠭᠠᠴᠠᠭᠠᠬᠤ ᠮᠡᠷᠭᠡᠵᠢᠯ ᠤᠨ ᠵᠢᠯᠤᠭᠤᠳᠣᠮᠵᠢ︾ ᠶᠢ ᠨᠡᠶᠢᠳᠡᠯᠡᠯ᠎ᠡ᠃ ᠦᠭᠡᠷ᠎ᠡ ᠪᠠᠷ ᠬᠡᠯᠡᠪᠡᠯ | ᠂ ᠮᠠᠯ ᠤᠨᠤᠭᠠᠨ ᠤ ᠬᠠᠰᠢᠶ᠎ᠠ ᠰᠠᠷᠠᠪᠴᠢ᠂ ᠬᠡᠪᠳᠡᠷᠢ ᠶᠢ ᠳᠣᠯᠠᠭᠠᠯᠠᠨ ᠵᠠᠰᠠᠨ᠎ᠠ᠃ ᠣᠰᠣᠭᠤᠵᠦ ᠬᠥᠯᠳᠡᠬᠦ ᠠᠴᠠ | ᠰᠡᠷᠭᠡᠶᠢᠯᠡᠬᠦ ᠠᠵᠢᠯ ᠢ ᠰᠠᠶᠢᠲᠤᠷ ᠬᠢᠨ᠎ᠡ᠃ ᠲᠡᠵᠢᠭᠡᠨ ᠠᠷᠠᠴᠢᠯᠠᠬᠤ ᠬᠠᠮᠢᠶᠠᠷᠤᠯᠲᠠ ᠶᠢ ᠴᠢᠩᠭᠠᠳᠬᠠᠨ᠎ᠠ᠃ ᠮᠠᠯᠵᠢᠬᠤ | ᠣᠷᠣᠨ ᠳᠤ ᠪᠠᠶᠢᠳᠠᠯ ᠢ ᠪᠥᠬᠦ ᠲᠠᠯ᠎ᠠ ᠪᠠᠷ ᠣᠶᠢᠯᠠᠭᠠᠨ᠂ ᠡᠪᠡᠰᠦ ᠪᠣᠷᠳᠤᠭ᠎ᠠ ᠶᠢᠨ ᠨᠥᠭᠡᠴᠡᠯᠡᠯᠲᠡ ᠪᠠ ᠲᠤᠲᠠᠭᠳᠠᠵᠤ | ᠪᠠᠶᠢᠭ᠎ᠠ ᠪᠠᠶᠢᠳᠠᠯ ᠢ ᠣᠨᠣᠪᠴᠢᠲᠠᠶ ᠡᠵᠡᠮᠰᠢᠨ᠎ᠠ᠃ ᠦᠢᠯᠡᠳᠪᠦᠷᠢᠯᠡᠵᠦ ᠪᠣᠷᠣᠯᠠᠭᠤᠯᠬᠤ ᠶᠢ ᠤᠶᠠᠯᠳᠤᠭᠤᠯᠬᠤ ᠠᠵᠢᠯ ᠢ | ᠡᠷᠴᠢᠮᠳᠠᠢ ᠬᠢᠨ᠎ᠡ᠃ ᠮᠠᠯ ᠠᠮᠢᠳᠠᠨ ᠤ ᠬᠢᠵᠢᠭ ᠢ ᠰᠡᠷᠭᠡᠶᠢᠯᠡᠬᠦ ᠠᠵᠢᠯ ᠢ ᠰᠠᠶᠢᠲᠤᠷ ᠠᠳᠬᠤᠨ᠎ᠠ᠃ |