ᠭᠦᠭᠡᠬᠤᠲᠠ ᠶᠢᠨ ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠶᠢᠨ ᠰᠠᠶ᠋ᠢᠬᠠᠨ ᠲᠣᠭᠤᠷᠢᠭ ᠤᠨ ᠬᠤᠪᠢᠶᠠᠷᠢ | ᠲᠣᠪᠴᠢᠶ᠎ᠠ ᠰᠢᠩᠭᠡᠵᠢᠯ ᠬᠡᠢ ᠶᠢ ᠬᠠᠤᠯᠢ ᠪᠤᠰᠤ ᠪᠠᠷ ᠬᠠᠳᠠᠭᠠᠯᠠᠭᠰᠠᠨ᠂ ᠳᠦᠭᠦᠷᠭᠡᠭᠰᠡᠨ᠂ ᠪᠣᠷᠣᠯᠠᠭᠤᠯᠤᠭᠰᠠᠨ ᠬᠡᠷᠡᠭ ᠢ | ᠠᠮᠵᠢᠯᠲᠠ ᠲᠠᠢ ᠳᠡᠩᠨᠡᠨ ᠢᠯᠡᠷᠡᠭᠦᠯᠵᠡᠢ᠃ ᠡᠭᠦᠨ ᠳᠤ ᠲᠣᠮᠣ ᠭᠡᠯᠪᠡᠷᠢ ᠶᠢᠨ ᠰᠢᠩᠭᠡᠵᠢᠯ ᠬᠡᠢ ᠶᠢᠨ ᠰᠠᠪᠠ ᠶᠢᠨ 2 | ᠮᠠᠰᠢᠨ ᠲᠡᠷᠭᠡ᠂ ᠰᠢᠩᠭᠡᠵᠢᠯ ᠬᠡᠢ ᠶᠢᠨ ᠰᠠᠪᠠ ᠶᠢ ᠲᠡᠭᠡᠭᠡᠪᠦᠷᠢᠯᠡᠬᠦ ᠸᠠᠭᠤᠨ ᠮᠠᠶ᠋ᠢᠭ ᠤᠨ 2 ᠠᠴᠢᠶᠠᠨ ᠤ ᠮᠠᠰᠢᠨ ᠲᠡᠷᠭᠡ | ᠂ 1 ᠮᠠᠰᠢᠨ ᠲᠡᠷᠭᠡ᠂ 50 ᠺᠢᠯᠣᠭ᠍ᠷᠠᠮ ᠤᠨ ᠰᠢᠩᠭᠡᠵᠢᠯ ᠬᠡᠢ ᠶᠢᠨ ᠰᠠᠪᠠ 30᠂ 15 ᠺᠢᠯᠣᠭ᠍ᠷᠠᠮ ᠤᠨ ᠰᠢᠩᠭᠡᠵᠢᠯ | ᠬᠡᠢ ᠶᠢᠨ ᠰᠠᠪᠠ 25 ᠶᠢ ᠪᠠᠶᠢᠴᠠᠭᠠᠨ ᠭᠠᠷᠭᠠᠵᠤ᠂ ᠬᠠᠤᠯᠢ ᠪᠤᠰᠤ ᠪᠠᠷ ᠬᠠᠳᠠᠭᠠᠯᠠᠭᠰᠠᠨ ᠰᠢᠩᠭᠡᠵᠢᠯ ᠴᠢᠯᠠᠭᠤᠨ | ᠲᠣᠰᠣᠨ ᠤ ᠰᠢᠲᠠᠮᠠᠬᠠᠢ ᠬᠡᠢ ᠪᠣᠯᠣᠨ ᠪᠠᠭᠠᠵᠢ ᠬᠡᠷᠡᠭᠰᠡᠯ ᠢ ᠲᠦᠷ ᠦᠯᠡᠳᠡᠭᠡᠨ ᠠᠪᠴᠤ᠂ ᠬᠡᠷᠡᠭ ᠲᠤ ᠬᠤᠯᠪᠣᠭᠳᠠᠭᠰᠠᠨ | 3 ᠬᠥᠮᠥᠨ ᠢ ᠪᠠᠷᠢᠪᠴᠢᠯᠠᠵᠠᠢ᠃ | ᠲᠠᠨᠢᠯᠴᠠᠭᠤᠯᠤᠭᠰᠠᠨ ᠢᠶᠠᠷ᠂ ᠭᠦᠭᠡᠬᠤᠲᠠ ᠶᠢᠨ ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠶᠢᠨ ᠰᠠᠶ᠋ᠢᠬᠠᠨ | ᠲᠣᠭᠤᠷᠢᠭ ᠤᠨ ᠬᠤᠪᠢᠶᠠᠷᠢ ᠲᠣᠪᠴᠢᠶ᠎ᠠ ᠶᠢᠨ ᠠᠮᠢ ᠠᠬᠤᠢ ᠣᠷᠴᠢᠨ ᠲᠣᠭᠤᠷᠢᠨ ᠢᠳᠡᠭᠡᠨ ᠪᠠ ᠡᠮ ᠤᠨ ᠵᠦᠢᠯᠡᠰ ᠤᠨ | ᠶᠠᠯᠠᠲᠤ ᠠᠵᠢᠯᠯᠠᠭ᠎ᠠ ᠶᠢ ᠲᠠᠩᠨᠠᠨ ᠪᠠᠶᠢᠴᠠᠭᠠᠬᠤ ᠶᠡᠭᠡ ᠠᠩᠭᠢ ᠡᠳᠦᠷ ᠲᠤᠲᠤᠮ ᠤᠨ ᠠᠵᠢᠯ ᠤᠨ ᠲᠣᠭᠤᠷᠢᠨ ᠴᠠᠭᠳᠠᠬᠤ | ᠶᠠᠪᠤᠴᠠ ᠳᠠᠭᠠᠨ᠂ ᠭᠦᠭᠡᠬᠤᠲᠠ ᠶᠢᠨ ᠰᠠᠶ᠋ᠢᠬᠠᠨ ᠲᠣᠭᠤᠷᠢᠭ ᠤᠨ ᠶᠢᠨ ᠾᠧ ᠪᠠᠯᠭᠠᠰᠤᠨ ᠤ ᠨᠢᠭᠡᠨ ᠲᠣᠰᠬᠤᠨ ᠤ | ᠬᠤᠭᠤᠰᠤᠨ ᠬᠦᠷᠢᠶᠡᠨ ᠳᠤ ᠦᠷᠭᠦᠯᠵᠢ ᠲᠣᠮᠣ ᠭᠡᠯᠪᠡᠷᠢ ᠶᠢᠨ ᠰᠢᠩᠭᠡᠵᠢᠯ ᠬᠡᠢ ᠶᠢᠨ ᠰᠠᠪᠠ ᠶᠢᠨ ᠮᠠᠰᠢᠨ ᠲᠡᠷᠭᠡ ᠪᠠ | ᠰᠢᠩᠭᠡᠵᠢᠯ ᠬᠡᠢ ᠶᠢᠨ ᠰᠠᠪᠠ ᠶᠢ ᠲᠡᠭᠡᠭᠡᠪᠦᠷᠢᠯᠡᠬᠦ ᠸᠠᠭᠤᠨ ᠮᠠᠶᠢᠭ ᠤᠨ ᠠᠴᠢᠶᠠᠨ ᠤ ᠮᠠᠰᠢᠨ ᠲᠡᠷᠭᠡ ᠣᠷᠣᠵᠤ ᠭᠠᠷᠴᠤ | ᠪᠠᠶᠢᠬᠤ ᠶᠢ ᠣᠯᠵᠤ ᠮᠠᠲᠠᠵᠠᠢ᠃ ᠴᠠᠭᠳᠠᠭ᠎ᠠ ᠨᠠᠷ ᠲᠣᠰ ᠭᠠᠵᠠᠷ ᠲᠤ ᠲᠠᠩᠨᠠᠨ ᠪᠠᠶᠢᠴᠠᠭᠠᠯᠲᠠ ᠬᠢᠵᠦ᠂ ᠲᠣᠰ | ᠬᠤᠭᠤᠰᠤᠨ ᠬᠦᠷᠢᠶᠡᠨ ᠳᠣᠲᠣᠷ᠎ᠠ ᠰᠢᠩᠭᠡᠵᠢᠯ ᠬᠡᠢ ᠶᠢ ᠬᠠᠤᠯᠢ ᠪᠤᠰᠤ ᠪᠠᠷ ᠲᠡᠭᠡᠭᠡᠪᠦᠷᠢᠯᠡᠨ ᠬᠠᠳᠠᠭᠠᠯᠠᠵᠤ | ᠪᠣᠷᠣᠯᠠᠭᠤᠯᠤᠭᠰᠠᠨ ᠡᠭᠦᠷ ᠢ ᠢᠯᠡᠷᠡᠭᠦᠯᠵᠡᠢ᠃ | ᠪᠠᠶᠢᠴᠠᠭᠠᠭᠰᠠᠨ ᠢᠶᠠᠷ᠂ ᠶᠠᠯ᠎ᠠ ᠶᠢᠨ ᠰᠡᠵᠢᠭᠲᠡᠨ ᠵᠣᠣ ᠣᠪᠣᠭᠲᠤ ᠵᠡᠷᠭᠡ 3 ᠬᠥᠮᠥᠨ ᠰᠤᠯᠠ ᠪᠠᠶᠢᠭ᠎ᠠ | ᠬᠦᠷᠢᠶᠡᠨ ᠳᠤ ᠰᠢᠩᠭᠡᠵᠢᠯ ᠴᠢᠯᠠᠭᠤᠨ ᠲᠣᠰᠣᠨ ᠤ ᠰᠢᠲᠠᠮᠠᠬᠠᠢ ᠬᠡᠢ ᠶᠢ ᠬᠠᠤᠯᠢ ᠪᠤᠰᠤ ᠪᠠᠷ ᠲᠡᠭᠡᠭᠡᠪᠦᠷᠢᠯᠡᠨ | ᠬᠠᠳᠠᠭᠠᠯᠠᠵᠤ ᠪᠣᠷᠣᠯᠠᠭᠤᠯᠤᠭᠰᠠᠨ ᠪᠠᠶ᠋ᠢᠨ᠎ᠠ᠃ ᠣᠳᠣᠬᠠᠨ ᠳᠤ᠂ ᠭᠦᠭᠡᠬᠤᠲᠠ ᠶᠢᠨ ᠰᠠᠶ᠋ᠢᠬᠠᠨ ᠲᠣᠭᠤᠷᠢᠭ ᠤᠨ | ᠴᠠᠭᠳᠠᠭᠠᠨ ᠤ ᠲᠠᠯ᠎ᠠ ᠶᠢᠨ ᠬᠢᠨ 3 ᠬᠥᠮᠥᠨ ᠢ ᠡᠵᠡᠮᠳᠡᠵᠦ᠂ ᠬᠡᠷᠡᠭ ᠢ ᠤᠯᠠᠮ ᠴᠢᠨᠠᠭᠰᠢᠳᠠ ᠳᠡᠩᠨᠡᠨ ᠰᠶᠢᠳᠪᠦᠷᠢᠯᠡᠵᠦ | ᠪᠠᠶᠢᠨ᠎ᠠ᠃ | ᠴᠠᠭᠳᠠᠭᠠᠨ ᠤ ᠰᠠᠨᠠᠭᠤᠯᠤᠮᠵᠢ᠄ ᠰᠢᠩᠭᠡᠵᠢᠯ ᠬᠡᠢ᠂ ᠴᠢᠶ᠋ᠢᠦ ᠲᠣᠰᠣ ᠵᠡᠷᠭᠡ ᠪᠣᠯ ᠠᠶᠤᠯᠲᠠᠢ ᠬᠢᠮᠢ ᠶᠢᠨ ᠪᠣᠳᠠᠰ | ᠮᠥᠨ᠂ ᠤᠯᠤᠰ ᠠᠴᠠ ᠲᠡᠭᠦᠨ ᠤ ᠡᠵᠡᠩᠨᠡᠯᠲᠡ ᠳᠤ ᠵᠥᠪᠰᠢᠶᠡᠷᠡᠯ ᠤᠨ ᠳᠦᠷᠢᠮ ᠢ ᠬᠡᠷᠡᠭᠵᠢᠭᠦᠯᠳᠡᠭ᠂ ᠬᠤᠯᠪᠣᠭᠳᠠᠯ | ᠪᠦᠬᠦᠢ ᠵᠠᠰᠠᠭ ᠵᠠᠬᠢᠷᠭᠠᠨ ᠤ ᠡᠷᠭᠢᠯᠡᠨ ᠬᠠᠮᠢᠶᠠᠷᠬᠤ ᠰᠠᠯᠠᠭ᠎ᠠ ᠮᠥᠴᠢᠷ ᠤᠨ ᠵᠠᠰᠠᠭ ᠵᠠᠬᠢᠷᠭᠠᠨ ᠤ ᠵᠥᠪᠰᠢᠶᠡᠷᠡᠯ ᠢ | ᠣᠯᠣᠭᠰᠠᠨ ᠦᠭᠡᠢ ᠪᠣᠯ ᠳᠤᠷ᠎ᠠ ᠪᠠᠷ ᠢᠶᠠᠨ ᠲᠡᠭᠡᠭᠡᠪᠦᠷᠢᠯᠡᠨ ᠬᠠᠳᠠᠭᠠᠯᠠᠵᠤ ᠪᠣᠷᠣᠯᠠᠭᠤᠯᠵᠤ ᠪᠤᠯᠬᠤ ᠦᠭᠡᠢ᠃ | ᠠᠮᠢᠳᠤᠷᠠᠯ ᠳᠤᠮᠳᠠ ᠵᠠᠷᠢᠮ ᠬᠥᠮᠥᠨ ᠰᠢᠩᠭᠡᠵᠢᠯ ᠬᠡᠢ ᠶᠢ ᠳᠤᠷ᠎ᠠ ᠪᠠᠷ ᠢᠶᠠᠨ ᠲᠡᠭᠡᠭᠡᠪᠦᠷᠢᠯᠡᠨ ᠬᠠᠳᠠᠭᠠᠯᠠᠵᠤ | ᠪᠣᠷᠣᠯᠠᠭᠤᠯᠵᠤ ᠪᠠᠶᠢᠬᠤ ᠶᠢ ᠣᠯᠵᠤ ᠮᠡᠳᠡᠪᠡᠯ᠂ ᠴᠠᠭ ᠲᠤᠬᠠᠢ ᠳᠤᠨᠢ ᠳᠣᠲᠣᠭᠠᠳᠤ ᠶᠢ ᠬᠠᠮᠠᠭᠠᠯᠠᠬᠤ ᠪᠠᠶᠢᠭᠤᠯᠭ᠎ᠠ ᠳᠤ | ᠬᠡᠷᠡᠭ ᠮᠡᠳᠡᠭᠦᠯᠵᠦ᠂ ᠰᠠᠨᠠᠭᠠᠨ ᠳᠤ ᠦᠭᠡᠢ ᠬᠡᠷᠡᠭ ᠭᠠᠷᠬᠤ ᠠᠴᠠ ᠰᠡᠷᠭᠡᠶᠢᠯᠡᠬᠦ ᠬᠡᠷᠡᠭᠲᠡᠢ᠃ |