ᠦᠬᠡᠷ ᠤᠨ ᠬᠢᠮᠤᠷᠠᠭ᠎ᠠ ᠶᠢᠨ ᠬᠡᠳᠦᠨ ᠰᠢᠯᠲᠠᠭᠠᠨ
ᠨᠡᠶᠢᠲᠡᠯᠡᠭᠰᠡᠨ ᠴᠠᠭ᠄
2024/2/2
     ᠦᠬᠡᠷ ᠤᠨ ᠬᠢᠮᠤᠷᠠᠭ᠎ᠠ ᠶᠢᠨ ᠰᠢᠯᠲᠠᠭᠠᠨ ᠮᠠᠰᠢ ᠣᠯᠠᠨ ᠪᠠᠶ᠋ᠢᠳᠠᠭ᠃ ᠵᠢᠱᠢᠶᠡᠯᠡᠪᠡᠯ᠂ ᠴᠠᠭ ᠠᠭᠤᠷ ᠤᠨ ᠭᠡᠨᠡᠳᠲᠡ ᠶᠢᠨ ᠬᠤᠪᠢᠷᠠᠯᠲᠠ ᠠᠴᠠ ᠪᠣᠯᠵᠤ ᠦᠬᠡᠷ ᠲᠠᠭᠰᠢᠭᠤᠷ ᠲᠤ ᠨᠡᠷᠪᠡᠭᠳᠡᠵᠦ᠂ ᠢᠳᠡᠭᠡᠨ ᠤᠮᠳᠠᠭᠠᠨ ᠵᠣᠬᠢᠰ ᠦᠭᠡᠢ ᠠᠴᠠ ᠪᠣᠯᠤᠭᠰᠠᠨ ᠬᠢᠮᠤᠷᠠᠭ᠎ᠠ᠂ ᠤᠷᠲᠤ ᠬᠤᠭᠤᠴᠠᠭ᠎ᠠ ᠪᠠᠷ ᠵᠥᠭᠡᠭᠡᠪᠦᠷᠢᠯᠡᠬᠦ ᠪᠠᠷ ᠳᠠᠮᠵᠢᠨ ᠪᠡᠶ᠎ᠡ ᠶᠢᠨ ᠠᠵᠢᠯᠯᠠᠭ᠎ᠠ ᠶᠢ ᠮᠠᠭᠤᠳᠠᠭᠤᠯᠤᠭᠰᠠᠨ ᠠᠴᠠ ᠪᠣᠯᠤᠭᠰᠠᠨ ᠬᠢᠮᠤᠷᠠᠭ᠎ᠠ᠂ ᠲᠡᠵᠢᠭᠡᠨ ᠦᠷᠡᠵᠢᠭᠦᠯᠬᠦ ᠲᠠᠯᠠᠪᠤᠷ ᠤᠨ ᠤᠷᠲᠤ ᠬᠤᠭᠤᠴᠠᠭᠠᠨ ᠤ ᠴᠢᠬᠢᠭᠳᠦᠯ ᠠᠴᠠ ᠪᠣᠯᠤᠭᠰᠠᠨ ᠬᠢᠮᠤᠷᠠᠭ᠎ᠠ᠂ ᠬᠥᠳᠡᠯᠭᠡᠭᠡᠨ ᠭᠡᠲᠦᠷᠡᠵᠦ ᠬᠥᠯᠥᠰᠦ ᠭᠠᠷᠤᠭᠰᠠᠨ ᠠᠴᠠ ᠪᠣᠯᠤᠭᠰᠠᠨ ᠬᠢᠮᠤᠷᠠᠭ᠎ᠠ᠂ ᠤᠷᠲᠤ ᠬᠤᠭᠤᠴᠠᠭ᠎ᠠ ᠪᠠᠷ ᠬᠥᠳᠡᠯᠭᠡᠭᠡᠨ ᠬᠢᠭᠰᠡᠨ ᠦᠭᠡᠢ ᠠᠴᠠ ᠪᠣᠯᠵᠤ ᠪᠡᠶ᠎ᠡ ᠮᠠᠬᠠᠪᠤᠳ ᠮᠠᠭᠤᠳᠠᠭᠰᠠᠨ ᠠᠴᠠ ᠪᠣᠯᠤᠭᠰᠠᠨ ᠬᠢᠮᠤᠷᠠᠭ᠎ᠠ ᠵᠢᠴᠢ ᠪᠣᠷᠣᠭᠠᠨ ᠳᠤ ᠨᠣᠷᠣᠭᠳᠠᠭᠰᠠᠨ ᠤ ᠳᠠᠷᠠᠭ᠎ᠠ ᠰᠡᠷᠭᠡᠶ᠋ᠢᠯᠡᠬᠦ ᠠᠷᠭ᠎ᠠ ᠬᠡᠮᠵᠢᠶ᠎ᠡ ᠠᠪᠤᠭᠰᠠᠨ ᠦᠭᠡᠢ ᠠᠴᠠ ᠪᠣᠯᠤᠭᠰᠠᠨ ᠬᠢᠮᠤᠷᠠᠭ᠎ᠠ ᠵᠡᠷᠭᠡ᠃ ᠡᠳᠡᠭᠡᠷ ᠨᠢ ᠴᠥᠮ ᠦᠬᠡᠷ ᠤᠨ ᠬᠢᠮᠤᠷᠠᠭ᠎ᠠ ᠶᠢ ᠡᠭᠦᠰᠬᠡᠭᠰᠡᠨ ᠰᠢᠯᠲᠠᠭᠠᠨ ᠪᠣᠯᠣᠨ᠎ᠠ᠃      ᠬᠢᠮᠤᠷᠠᠭ᠎ᠠ ᠡᠪᠡᠳᠴᠢᠨ ᠤ ᠰᠢᠨᠵᠢ᠄      ᠦᠬᠡᠷ ᠤᠨ ᠬᠢᠮᠤᠷᠠᠭ᠎ᠠ ᠨᠢ ᠠᠮᠢᠰᠬᠤᠯ ᠳᠠᠪᠬᠤᠴᠠᠬᠤ᠂ ᠪᠡᠶ᠎ᠡ ᠶᠢᠨ ᠳᠤᠯᠠᠭᠠᠨ ᠳᠡᠭᠡᠭᠰᠢᠯᠡᠬᠦ᠂ ᠨᠢᠳᠦ ᠨᠢ ᠪᠦᠷᠲᠦᠯᠵᠡᠵᠦ ᠨᠢᠯᠪᠤᠰᠤ ᠭᠤᠭᠤᠵᠢᠬᠤ᠂ ᠵᠠᠷᠢᠮ ᠳᠠᠭᠠᠨ ᠬᠠᠨᠢᠶᠠᠬᠤ ᠲᠠᠢ ᠠᠳᠠᠯᠢᠪᠲᠤᠷ ᠳᠠᠭᠤᠨ ᠭᠠᠷᠴᠤ ᠡᠭᠦᠨ ᠤ ᠬᠠᠮᠲᠤ ᠲᠦᠢᠯ ᠢᠶᠠᠷ ᠪᠠᠴᠢᠮᠳᠠᠬᠤ᠂ ᠵᠠᠷᠢᠮ ᠳᠠᠭᠠᠨ ᠪᠠᠰᠠ ᠨᠢᠰᠤ ᠭᠤᠭᠤᠵᠢᠬᠤ ᠪᠠᠶᠢᠳᠠᠯ ᠭᠠᠷᠳᠠᠭ᠂ ᠵᠠᠷᠢᠮ ᠨᠢ ᠪᠠᠭᠠᠰᠤ ᠠᠯᠳᠠᠬᠤ᠂ ᠲᠠᠭᠤ ᠨᠢ ᠰᠥᠭᠡᠩᠭᠢᠲᠦᠬᠦ᠂ ᠢᠳᠡᠭᠡᠨ ᠤ ᠳᠤᠷᠠᠰᠢᠯ ᠮᠠᠭᠤᠳᠠᠬᠤ ᠵᠡᠷᠭᠡ ᠪᠠᠷ ᠢᠯᠡᠷᠡᠨ᠎ᠡ᠂ ᠪᠠᠰᠠ ᠵᠠᠷᠢᠮ ᠨᠢ ᠤᠷᠤᠭᠤᠯ ᠬᠡᠯᠡ ᠨᠢ ᠴᠠᠶᠢᠷᠠᠬᠤ᠂ ᠲᠠᠮᠢᠷ ᠲᠡᠩᠬᠡᠭᠡ ᠦᠭᠡᠢ ᠪᠣᠯᠬᠤ ᠵᠢᠴᠢ ᠳᠠᠭᠵᠢᠨ ᠴᠡᠴᠡᠷᠡᠬᠦ ᠪᠠᠶ᠋ᠢᠳᠠᠯ ᠭᠠᠷᠤᠨ᠎ᠠ᠂ ᠪᠢᠳᠡ ᠴᠠᠭ ᠲᠤᠬᠠᠢ ᠳᠤ ᠨᠢ ᠡᠮᠨᠡᠨ ᠵᠠᠰᠠᠬᠤ ᠬᠡᠷᠡᠭᠲᠡᠢ᠂ ᠡᠰᠡ ᠲᠡᠭᠡᠪᠡᠯ ᠦᠬᠡᠷ ᠰᠦᠷᠡᠬᠡᠢ ᠡᠴᠡᠵᠦ ᠲᠤᠷᠠᠬᠤ ᠪᠤᠶᠤ ᠴᠢᠨᠠᠭᠰᠢᠯᠠᠪᠠᠯ ᠦᠬᠦᠵᠦ ᠮᠡᠳᠡᠨ᠎ᠡ᠂ ᠬᠡᠯᠡᠯᠭᠡᠨ ᠦᠭᠡᠢ ᠲᠡᠭᠦᠨ ᠤ ᠡᠮ ᠤᠤᠭᠤᠬᠤ ᠦᠭᠡᠢ ᠪᠠᠷ ᠡᠳᠡᠭᠡᠷᠡᠬᠦ ᠶᠢ ᠦᠭᠡᠶᠢᠰᠬᠡᠵᠦ ᠪᠣᠯᠬᠤ ᠦᠭᠡᠢ᠂ ᠭᠡᠪᠡᠴᠦ ᠪᠤᠯᠤᠯᠴᠠᠭᠠᠲᠤ ᠴᠢᠨᠠᠷ ᠲᠡᠶᠢᠮᠦ ᠥᠨᠳᠥᠷ ᠪᠢᠰᠢ ᠶᠤᠮ᠃      ᠬᠠᠯᠠᠭᠤᠨ ᠬᠢᠮᠤᠷᠠᠭ᠎ᠠ ︵ᠭᠠᠳᠠᠷ ᠬᠠᠯᠠᠭᠤᠨ ᠤ ᠬᠡᠯᠪᠡᠷᠢ︶᠃ ᠭᠤᠣᠯᠳᠠᠭᠤ ᠭᠠᠳᠠᠨ᠎ᠠ ᠠᠴᠠ ᠰᠠᠯᠬᠢᠨ ᠤ ᠭᠡᠮ᠂ ᠬᠠᠯᠠᠭᠤᠨ ᠤ ᠰᠢᠨᠵᠢ ᠠᠴᠠ ᠡᠭᠦᠰᠴᠦ᠂ ᠵᠢᠯ ᠤᠨ ᠳᠥᠷᠪᠡᠨ ᠤᠯᠠᠷᠢᠯ ᠳᠤ ᠪᠦᠷ ᠡᠭᠦᠰᠳᠡᠭ᠂ ᠲᠡᠭᠦᠨ ᠤ ᠭᠤᠣᠯ ᠢᠯᠡᠷᠡᠯ ᠨᠢ᠄ ᠪᠡᠶ᠎ᠡ ᠶᠢᠨ ᠬᠠᠯᠠᠭᠤᠨ ᠳᠡᠭᠡᠭᠰᠢᠯᠡᠨ 39 — 40 ᠳᠤ ᠬᠦᠷᠴᠦ᠂ ᠠᠮᠢᠰᠬᠤᠯ ᠲᠦᠷᠭᠡᠰᠴᠦ᠂ ᠠᠮᠢᠰᠬᠤᠭ᠎ᠠ ᠭᠠᠷᠭᠠᠬᠤ ᠨᠢ ᠤᠷᠲᠤ᠂ ᠬᠠᠯᠠᠭᠤᠨ ᠲᠠᠢ ᠰᠠᠨᠠᠭᠳᠠᠬᠤ᠂ ᠠᠭᠤᠰᠬᠢᠨ ᠴᠥᠪᠥᠷᠢᠭᠦᠦ ᠶᠢᠨ ᠠᠮᠢᠰᠬᠤᠯ ᠤᠨ ᠳᠠᠭᠤᠨ ᠪᠦᠳᠦᠭᠦᠷᠡᠬᠦ᠂ ᠰᠤᠳᠠᠯ ᠤᠨ ᠯᠤᠭᠰᠢᠯᠲᠠ ᠲᠦᠷᠭᠡᠰᠬᠦ᠂ ᠬᠤᠭᠤᠯᠠᠢ ᠬᠠᠪᠤᠳᠬᠤ᠂ ᠬᠡᠯᠡ ᠠᠮᠠ ᠨᠢ ᠤᠯᠠᠶᠢᠬᠤ ᠂ ᠬᠠᠨᠢᠶᠠᠬᠤ ᠨᠢ ᠰᠢᠯᠤᠭᠤᠨ ᠪᠤᠰᠤ᠂ ᠲᠥᠪᠥᠩᠬᠡᠢ ᠨᠢ ᠬᠦᠨᠳᠦᠭᠦᠷᠢ ᠪᠠᠶᠢᠳᠠᠭ᠃ ᠴᠢᠬᠢ᠂ ᠬᠠᠮᠠᠷ᠂ ᠳᠥᠷᠪᠡᠨ ᠮᠥᠴᠢ ᠨᠢ ᠪᠦᠷ ᠪᠦᠯᠢᠶᠡᠨ ᠬᠠᠯᠠᠭᠤᠨ᠂ ᠪᠠᠭᠠᠰᠤ ᠨᠢ ᠬᠠᠭᠤᠷᠠᠶᠢᠰᠢᠵᠤ᠂ ᠰᠢᠭᠡᠰᠦ ᠨᠢ ᠪᠠᠭ᠎ᠠ ᠮᠥᠷᠲᠡᠭᠡᠨ ᠰᠢᠷ᠎ᠠ ᠪᠠᠶ᠋ᠢᠳᠠᠭ᠃      ᠬᠦᠢᠲᠡᠨ ᠬᠢᠮᠤᠷᠠᠭ᠎ᠠ ︵ᠭᠠᠳᠠᠷ ᠬᠦᠢᠲᠡᠨ ᠤ ᠬᠡᠯᠪᠡᠷᠢ︶᠃ ᠭᠤᠣᠯᠳᠠᠭᠤ ᠭᠠᠳᠠᠨ᠎ᠠ ᠠᠴᠠ ᠰᠠᠯᠬᠢᠨ ᠤ ᠭᠡᠮ᠂ ᠬᠦᠢᠲᠡᠨ ᠤ ᠭᠡᠮ ᠠᠴᠠ ᠡᠭᠦᠰᠳᠡᠭ᠂ ᠡᠪᠦᠯ᠂ ᠬᠠᠪᠤᠷ ᠤᠨ ᠤᠯᠠᠷᠢᠯ ᠳᠤ ᠣᠯᠠᠨ ᠲᠣᠬᠢᠶᠠᠯᠳᠤᠳᠠᠭ᠂ ᠪᠤᠰᠤᠳ ᠤᠯᠠᠷᠢᠯ ᠳᠤ ᠪᠠᠰᠠ ᠡᠭᠦᠰᠳᠡᠭ᠃ ᠲᠡᠭᠦᠨ ᠤ ᠭᠤᠣᠯ ᠢᠯᠡᠷᠡᠯ ᠨᠢ᠄ ᠪᠡᠶ᠎ᠡ ᠶᠢᠨ ᠬᠠᠯᠠᠭᠤᠨ ᠡᠷᠡᠭᠦᠯ ᠪᠤᠶᠤ ᠵᠢᠭᠠᠬᠠᠨ ᠳᠡᠭᠡᠭᠰᠢᠯᠡᠬᠦ᠂ ᠴᠤᠭ ᠰᠦᠯᠳᠡ ᠮᠠᠭᠤᠳᠠᠬᠤ᠂ ᠨᠢᠰᠤ ᠭᠤᠭᠤᠵᠢᠬᠤ᠂ ᠠᠮᠠᠨ ᠤ ᠬᠥᠨᠳᠡᠢ ᠨᠢ ᠪᠦᠯᠢᠶᠡᠨ᠂ ᠦᠰᠦ ᠠᠷᠠᠰᠤ ᠢ ᠰᠢᠷᠢᠯᠳᠦᠬᠦ᠂ ᠦᠷᠭᠦᠯᠵᠢ ᠬᠠᠨᠢᠶᠠᠬᠤ᠂ ᠵᠠᠷᠢᠮ ᠲᠠᠭᠠᠨ ᠨᠢᠰᠤ ᠭᠠᠷᠴᠤ ᠵᠠᠷᠢᠮ ᠲᠠᠭᠠᠨ ᠨᠢᠰᠤ ᠦᠭᠡᠢ᠂ ᠠᠮᠠ ᠨᠢ ᠪᠤᠭᠤᠷᠤᠯ ᠴᠠᠭᠠᠨ ᠪᠣᠯᠬᠤ ᠵᠡᠷᠭᠡ᠃      ᠬᠠᠭᠠᠰ ᠭᠠᠳᠠᠷ ᠬᠠᠭᠠᠰ ᠳᠣᠲᠣᠷ ᠬᠡᠯᠪᠡᠷᠢ ᠲᠠᠢ᠃ ᠲᠡᠭᠦᠨ ᠤ ᠭᠤᠣᠯ ᠢᠯᠡᠷᠡᠯ ᠨᠢ᠄ ᠭᠠᠳᠠᠷ ᠬᠠᠯᠳᠠᠪᠤᠷᠢᠯᠠᠯ ᠤᠨ ᠡᠪᠡᠳᠴᠢᠨ ᠤ ᠶᠠᠪᠤᠴᠠ ᠤᠷᠲᠤᠳᠬᠠᠭᠳᠠᠬᠤ᠂ ᠪᠠᠭ᠎ᠠ ᠬᠠᠯᠠᠭᠤᠷᠠᠭᠠᠳ ᠪᠠᠭᠤᠷᠠᠬᠤ ᠦᠭᠡᠢ᠂ ᠴᠤᠭ ᠰᠦᠯᠳᠡ ᠮᠠᠭᠤᠳᠠᠬᠤ᠂ ᠬᠠᠯᠠᠭᠤᠨ ᠬᠦᠢᠲᠡᠨ ᠰᠣᠯᠪᠢᠴᠠᠬᠤ᠂ ᠵᠢᠬᠡᠭᠦᠴᠡᠬᠦ ᠦᠶ᠎ᠡ ᠳᠤ ᠨᠢᠷᠤᠭᠤ ᠨᠢ ᠭᠤᠯᠳᠤᠩᠨᠠᠨ ᠦᠰᠦ ᠨᠢ ᠪᠣᠰᠴᠤ᠂ ᠬᠡᠯᠡᠨ ᠤ ᠥᠩᠭᠦᠷ ᠨᠢ ᠨᠢᠮᠭᠡᠨ ᠴᠠᠭᠠᠨ ᠪᠣᠯᠬᠤ ᠵᠡᠷᠭᠡ᠃      ᠰᠡᠷᠭᠡᠶᠢᠯᠡᠨ ᠵᠠᠰᠠᠬᠤ ᠠᠷᠭ᠎ᠠ᠄      ᠬᠡᠯᠡᠯᠭᠡᠨ ᠦᠭᠡᠢ ᠦᠬᠡᠷ ᠤᠨ ᠬᠢᠮᠤᠷᠠᠭᠠᠨ ᠤ ᠠᠳᠠᠯᠢ ᠪᠤᠰᠤ ᠢᠯᠡᠷᠡᠯ ᠢ ᠦᠨᠳᠦᠰᠦᠯᠡᠨ ᠠᠳᠠᠯᠢ ᠪᠤᠰᠤ ᠶᠢᠨ ᠰᠡᠷᠭᠡᠶᠢᠯᠡᠨ ᠵᠠᠰᠠᠬᠤ ᠠᠷᠭ᠎ᠠ ᠪᠠᠶᠢᠳᠠᠭ᠂ ᠭᠡᠪᠡᠴᠦ ᠬᠠᠮᠤᠭ ᠤᠨ ᠭᠤᠣᠯ ᠨᠢ ᠬᠢᠮᠤᠷᠠᠭ᠎ᠠ ᠶᠢ ᠰᠡᠷᠭᠡᠶᠢᠯᠡᠬᠦ ᠪᠠᠷ ᠭᠤᠣᠯ ᠪᠣᠯᠭᠠᠨ᠎ᠠ᠃ ᠪᠢᠳᠡ ᠬᠢᠵᠢᠭ ᠤᠨ ᠬᠤᠨᠴᠢᠷ ᠤᠨ ᠦᠢᠯᠡᠳᠦᠯ ᠢ ᠨᠡᠮᠡᠬᠦ ᠪᠠᠷ ᠳᠠᠮᠵᠢᠨ ᠡᠪᠡᠳᠴᠢᠨ ᠢ ᠡᠰᠡᠷᠭᠦᠴᠡᠬᠦ ᠴᠢᠳᠠᠪᠤᠷᠢ ᠶᠢ ᠨᠢ ᠳᠡᠭᠡᠭᠰᠢᠯᠡᠭᠦᠯᠵᠦ ᠪᠣᠯᠣᠨ᠎ᠠ᠂ ᠳᠠᠷᠠᠭ᠎ᠠ ᠳᠤ ᠨᠢ ᠲᠡᠵᠢᠭᠡᠨ ᠠᠷᠠᠴᠢᠯᠠᠬᠤ ᠬᠠᠮᠢᠶᠠᠷᠤᠯᠲᠠ ᠶᠢᠨ ᠡᠷᠴᠢᠮ ᠢᠶᠠᠨ ᠴᠢᠩᠭᠠᠷᠠᠭᠤᠯᠵᠤ᠂ ᠴᠠᠭ ᠲᠤᠬᠠᠢ ᠳᠤ ᠨᠢ ᠦᠬᠡᠷ ᠤᠨ ᠬᠠᠰᠢᠶ᠎ᠠ ᠶᠢ ᠴᠡᠪᠡᠷᠯᠡᠬᠦ ᠶᠢᠨ ᠬᠠᠮᠲᠤ ᠦᠬᠡᠷ ᠤᠨ ᠬᠠᠰᠢᠶ᠎ᠠ ᠶᠢᠨ ᠬᠠᠭᠤᠷᠠᠢ ᠠᠷᠢᠭᠤᠨ ᠴᠡᠪᠡᠷ ᠢ ᠪᠠᠲᠤᠯᠠᠵᠤ᠂ ᠲᠣᠭᠲᠠᠭᠰᠠᠨ ᠴᠠᠭ ᠦᠭᠡᠢ ᠪᠠᠷ ᠠᠷᠢᠭᠤᠳᠬᠠᠵᠤ ᠪᠠᠺᠲ᠋ᠧᠷᠢ ᠶᠢ ᠨᠢ ᠤᠰᠠᠳᠬᠠᠨ᠎ᠠ᠃ ᠲᠡᠵᠢᠭᠡᠯ ᠪᠣᠷᠳᠤᠭ᠎ᠠ ᠳᠤ ᠴᠢᠨᠠᠷ ᠮᠠᠭᠤᠲᠠᠢ ᠦᠢᠯᠡᠳᠬᠦᠨ ᠪᠤᠶᠤ ᠬᠤᠭᠤᠴᠠᠭ᠎ᠠ ᠨᠢ ᠥᠩᠭᠡᠷᠡᠭᠰᠡᠨ ᠦᠢᠯᠡᠳᠬᠦᠨ ᠢ ᠢᠳᠡᠭᠦᠯᠵᠦ ᠪᠣᠯᠬᠤ ᠦᠭᠡᠢ᠂ ᠤᠤᠭᠤᠬᠤ ᠤᠰᠤ ᠶᠢ ᠴᠡᠪᠡᠷ ᠪᠥᠭᠡᠳ ᠪᠣᠬᠢᠷᠳᠤᠯ ᠦᠭᠡᠢ ᠪᠠᠶᠢᠯᠭᠠᠬᠤ ᠬᠡᠷᠡᠭᠲᠡᠢ᠃ ᠬᠡᠷᠪᠡ ᠪᠣᠷᠣᠭᠠᠨ ᠳᠤ ᠨᠣᠷᠣᠭᠳᠠᠭᠰᠠᠨ ᠪᠠᠶᠢᠪᠠᠯ ᠳᠤᠯᠠᠭᠠᠯᠠᠵᠤ ᠥᠭᠪᠡᠯ ᠵᠣᠬᠢᠨ᠎ᠠ᠂ ᠡᠰᠡ ᠲᠡᠭᠡᠪᠡᠯ ᠬᠢᠮᠤᠷᠠᠭ᠎ᠠ ᠳᠤ ᠨᠡᠷᠪᠡᠭᠳᠡᠵᠦ ᠮᠡᠳᠡᠨ᠎ᠡ᠃ ᠬᠠᠮᠤᠭ ᠰᠡᠭᠦᠯ ᠳᠤ ᠨᠢ ᠬᠡᠷᠪᠡ ᠬᠢᠮᠤᠷᠠᠭᠰᠠᠨ ᠪᠠᠶᠢᠪᠠᠯ ᠳᠠᠷᠦ᠋ᠢᠬᠠᠨ ᠲᠤᠰᠠᠭᠠᠷᠯᠠᠨ᠎ᠠ᠂ ᠡᠰᠡ ᠲᠡᠭᠡᠪᠡᠯ ᠬᠠᠯᠳᠠᠪᠤᠷᠢᠯᠠᠵᠤ ᠮᠡᠳᠡᠨ᠎ᠡ᠂ ᠳᠠᠷᠠᠭ᠎ᠠ ᠳᠤ ᠨᠢ ᠡᠪᠡᠰᠦ ᠪᠣᠷᠳᠤᠭ᠎ᠠ ᠶᠢ ᠢᠯᠡᠭᠦᠬᠡᠨ ᠢᠳᠡᠭᠦᠯᠬᠦ ᠶᠢᠨ ᠬᠠᠮᠲᠤ ᠰᠤ ᠢ ᠳ᠋ᠠ ᠲᠠᠷᠢᠯᠭ᠎ᠠ ᠶᠢ ᠵᠡᠭᠦᠯᠡᠵᠦ ᠪᠣᠯᠤᠨ᠎ᠠ᠃
 
ᠢᠷᠡᠯᠲᠡ᠄ ᠪᠣᠭᠤᠳᠣ ᠬᠤᠳᠡ ᠶᠢᠨ ᠠᠷᠡᠳ ᠤᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号