ᠷᠠᠰᠢᠶ᠋ᠨᠨ ᠬᠤᠳᠠ ᠳᠤ ᠢᠷᠡᠵᠤ ᠮᠦᠰᠤᠨ ᠴᠠᠰᠤᠨ ᠳᠤ ᠨᠠᠭᠠᠳᠴᠤ ᠲᠤᠭᠤᠷᠢᠬᠤ ᠪᠠ ᠬᠠᠯᠠᠭᠤᠨ ᠷᠠᠰᠢᠶᠠᠨ ᠳᠤ | ᠤᠷᠤᠬᠤ ᠨᠢ ᠡᠪᠤᠯ ᠤᠨ ᠤᠯᠠᠷᠢᠯ ᠤᠨ ᠪᠠᠶᠠᠷ ᠪᠠᠭ᠋ᠠᠳᠤᠯ ᠢ ᠬᠦᠨᠵᠡᠭᠡᠢ ᠪᠡᠶᠡᠳᠠᠨ ᠤᠶᠢᠯᠠᠭᠠᠵᠤ ᠴᠢᠳᠠᠨ᠎ᠠ᠃ ︽ᠮᠦᠰᠤ | ᠴᠠᠰᠤ + ᠬᠠᠯᠠᠭᠤᠨ ᠷᠠᠰᠢᠶᠠᠨ︾ ᠤ ᠬᠡᠯᠪᠡᠷᠢ ᠨᠢ ᠷᠠᠰᠢᠶᠠᠨ ᠤ ᠡᠪᠤᠯ ᠤᠨ ᠤᠯᠠᠷᠢᠯ ᠤᠨ ᠵᠢᠭᠤᠯᠴᠢᠯᠠᠯ ᠢ ᠦᠪᠡᠷᠮᠢᠴᠡ | ᠤᠨᠴᠠᠯᠢᠭ ᠲᠠᠢ ᠪᠤᠯᠭᠠᠵᠤ᠂ ᠡᠯ᠎ᠠ ᠭᠠᠵᠠᠷ ᠤᠨ ᠵᠢᠭᠤᠯᠴᠢᠯᠠᠭᠴᠢᠳ ᠤᠨ ᠠᠩᠬᠠᠷᠤᠯ ᠢ ᠲᠠᠳᠠᠵᠤ᠂ ᠬᠠᠯᠠᠭᠤᠨ | ᠷᠠᠰᠢᠶᠠᠨ ᠤ ᠡᠷᠡᠬᠦᠯ ᠴᠢᠬᠢᠷᠠᠭ ᠵᠢᠭᠤᠯᠴᠢᠯᠠᠯ ᠢ ᠡᠳ᠋ᠯᠡᠬᠦᠯᠵᠤ ᠪᠤᠢ᠃ | ᠷᠠᠰᠢᠶᠠᠨ ᠬᠤᠳᠠ ᠳᠤ᠂ ᠪᠦᠬᠦ ᠪᠦᠮᠪᠤᠷᠴᠡᠭ ᠤᠨ ᠨᠢᠭᠳᠠᠴᠠ ᠪᠠᠷ ᠬᠠᠮᠤᠭ ᠶᠡᠭᠡ ᠴᠢᠳᠠᠪᠬᠢᠳᠤ ᠴᠢᠨᠠᠷ ᠲᠠᠢ | ᠬᠠᠯᠠᠭᠤᠨ ᠷᠠᠰᠢᠶᠠᠨ 100 ᠭᠠᠷᠤᠢ ᠪᠠᠶᠢᠵᠤ᠂ ᠷᠠᠰᠢᠶᠠᠨ ᠬᠤᠳᠠ ᠨᠢ ᠨᠡᠷ᠎ᠠ ᠨᠢᠳᠡᠷ ᠲᠡᠭᠡᠨ ᠲᠤᠬᠢᠷᠠᠭᠰᠠᠨ ︽ | ᠲᠤᠮᠳᠠᠳᠤ ᠤᠯᠤᠰ ᠤᠨ ᠬᠠᠯᠠᠭᠤᠨ ᠷᠠᠰᠢᠶᠠᠨ ᠤ ᠨᠤᠳᠤᠭ︾ ᠪᠤᠯᠪᠠ᠃ ᠡ᠊ᠨᠳᠡᠬᠢ ᠬᠠᠯᠠᠭᠤᠨ ᠷᠠᠰᠢᠶᠠᠨ ᠨᠢ ᠤᠬᠢ | ᠰᠢᠯᠢᠳᠡᠭ ᠤᠰᠤᠨ ᠤ ᠴᠢᠨᠠᠷ᠂ ᠡᠯᠪᠡᠭ ᠪᠠᠶᠠᠯᠢᠭ ᠡᠷᠤᠳᠡᠰᠤᠨ ᠪᠤᠳᠠᠰ ᠤᠨ ᠠᠭᠤᠯᠤᠭᠳᠠᠴᠠ ᠵᠢᠴᠢ ᠤᠨᠴᠠᠯᠢᠭᠳᠤ | ᠡᠷᠡᠬᠦᠯᠵᠢᠯ ᠤᠨ ᠴᠢᠳᠠᠪᠬᠢ ᠪᠠᠷ ᠢᠶᠠᠨ ᠨᠡᠷ᠎ᠠ ᠠᠯᠳᠠᠷᠰᠢᠵᠤ᠂ ᠬᠦᠮᠤᠨ ᠤ ᠪᠡᠶ᠎ᠠ ᠶᠢᠨ ᠴᠢᠰᠤᠨ ᠤ ᠡᠷᠬᠢᠯᠳᠠ ᠶᠢ | ᠰᠠᠶᠢᠵᠢᠷᠠᠭᠤᠯᠬᠤ᠂ ᠰᠢᠨ᠎ᠠ ᠬᠠᠭᠤᠴᠢᠨ ᠤ ᠰᠤᠯᠢᠯᠴᠠᠭ᠎ᠠ ᠶᠢ ᠠᠬᠢᠭᠤᠯᠬᠤ ᠪᠠᠷ ᠪᠠᠷᠠᠬᠤ ᠦᠭᠡᠢ ᠮᠡᠳᠡᠷᠡᠯ ᠤᠨ | ᠰᠢᠰᠲᠤᠮ ᠢ ᠲᠤᠬᠢᠷᠠᠭᠤᠯᠬᠤ᠂ ᠦᠶ᠎ᠠ ᠭᠡᠰᠢᠬᠦᠥ ᠡᠪᠳᠡᠬᠦ ᠶᠢ ᠬᠦᠩᠭᠡᠷᠡᠬᠦᠯᠬᠦ ᠦᠢᠯᠡᠳᠤᠯ ᠲᠠᠢ ᠠᠴᠠ ᠤᠯᠤᠰ ᠤᠨ | ᠲᠤᠳᠤᠭᠠᠳᠤ ᠭᠠᠳᠠᠭᠠᠳᠤ ᠶᠢᠨ ᠵᠢᠭᠤᠯᠴᠢᠯᠠᠭᠴᠢᠳ ᠤᠨ ᠬᠠᠯᠠᠭᠤᠨ ᠬᠦᠷᠢᠶᠡᠯᠡᠯ ᠢ ᠤᠯᠵᠤ ᠪᠤᠢ᠃ | ᠲᠤᠮᠳᠠᠳᠤ ᠤᠯᠤᠰ ᠤᠨ ᠬᠠᠯᠠᠭᠤᠨ ᠷᠠᠰᠢᠶᠠᠨ ᠤ ᠮᠦᠽᠸᠢ ᠶᠢᠨ ᠤᠷᠳᠤᠨ ᠳᠤ ᠬᠦᠷᠪᠡᠯ ᠬᠠᠯᠠᠭᠤᠨ ᠪᠦᠰᠠᠨ ᠤ | ᠤᠷᠭᠤᠮᠠᠯ ᠤᠨ ᠬᠦᠷᠢᠶᠡᠯᠡᠩ ᠳᠤ ᠬᠦᠷᠦᠭᠰᠡᠨ ᠮᠡᠳᠤ ᠰᠠᠨᠠᠭᠳᠠᠭᠤᠯᠵᠤ᠂ ᠬᠡᠳᠦ᠋ᠢᠪᠠᠷ ᠭᠠᠳᠠᠨ᠎ᠠ ᠬᠦᠢᠳᠡᠨ ᠪᠤᠯᠪᠠᠴᠤ᠂ | ᠮᠦᠽᠸᠢ ᠶᠢᠨ ᠲᠤᠳᠤᠷ᠎ᠠ ᠬᠠᠪᠤᠷ ᠤᠨ ᠤᠯᠠᠷᠢᠯ ᠮᠡᠳᠤ ᠲᠤᠯᠠᠭᠠᠬᠠᠨ ᠪᠠᠶᠢᠳᠠᠭ᠃ ᠬᠠᠯᠠᠭᠤᠨ ᠷᠠᠰᠢᠶᠠᠨ ᠤ | ᠮᠦᠽᠸᠢ ᠶᠢᠨ ᠤᠷᠳᠤᠨ ᠤ ᠷᠠᠰᠢᠶᠠᠨ ᠤ ᠲᠦᠷᠤᠯ ᠵᠦᠢᠯ ᠡᠯᠪᠡᠭ ᠪᠠᠶᠠᠯᠢᠭ ᠪᠠᠶᠢᠵᠤ᠂ ᠬᠦᠢᠳᠡᠨ ᠷᠠᠰᠢᠶᠠᠨ᠂ | ᠬᠠᠯᠠᠭᠤᠨ ᠷᠠᠰᠢᠶᠠᠨ᠂ ᠤᠨᠴᠠᠭᠠᠢ ᠡᠷᠤᠳᠡᠰᠤᠨ ᠪᠤᠳᠠᠰ ᠡᠯᠪᠡᠭ ᠪᠠᠶᠠᠯᠢᠭ ᠠᠭᠤᠯᠤᠭᠳᠠᠵᠤ ᠪᠠᠶᠢᠭ᠎ᠠ ᠴᠢᠳᠠᠪᠬᠢᠳᠤ | ᠬᠠᠯᠠᠭᠤᠨ ᠷᠠᠰᠢᠶᠠᠨ ᠪᠠᠶᠢᠵᠤ᠂ ᠬᠠᠯᠠᠭᠤᠨ ᠷᠠᠰᠢᠶᠠᠨ ᠳᠤ ᠤᠷᠤᠬᠤ ᠨᠢ ᠬᠦᠮᠤᠰ ᠤᠨ ᠪᠡᠶ᠎ᠠ ᠰᠡᠳᠬᠢᠯ ᠢ | ᠠᠭᠤᠵᠢᠷᠠᠭᠤᠯᠤᠨ᠎ᠠ᠃ | ︽ᠪᠢ ᠡ᠊ᠨᠠ ᠵᠢᠯ 70 ᠨᠠᠰᠤᠳᠠᠢ᠂ ᠤᠯᠠᠨ ᠭᠠᠵᠠᠷ ᠤᠨ ᠬᠠᠯᠠᠭᠤᠨ ᠷᠠᠰᠢᠶᠠᠨ ᠳᠤ ᠬᠦᠷᠴᠤ ᠦᠩᠭᠡᠷᠡᠵᠠᠢ᠂ | ᠤᠯᠠᠩᠬᠢ ᠨᠢ ᠪᠦᠷ ᠪᠠᠶᠠᠷ ᠴᠡᠩᠭᠡᠯ ᠰᠡᠯᠡᠬᠦᠴᠠᠯ ᠤᠨ ᠴᠢᠨᠠᠷᠳᠠᠢ ᠬᠠᠯᠠᠭᠤᠨ ᠷᠠᠰᠢᠶᠠᠨ ᠪᠤᠯᠤᠨ᠎ᠠ᠂ ᠭᠡᠪᠡᠴᠤ ᠷᠠᠰᠢᠶᠠᠨ | ᠬᠤᠳᠠ ᠶᠢᠨ ᠬᠠᠯᠠᠭᠤᠨ ᠷᠠᠰᠢᠶᠠᠨ ᠤ ᠤᠷᠴᠢᠨ ᠲᠤᠭᠤᠷᠢᠨ ᠨᠢ ᠲᠦᠢᠯ ᠤᠨ ᠰᠠᠶᠢᠨ᠂ ᠪᠡᠶ᠎ᠠ ᠰᠡᠳᠬᠢᠯ ᠪᠦᠷ | ᠲᠠᠶᠢᠪᠤᠰᠢᠷᠠᠵᠤ᠂ ᠪᠢ ᠡᠨᠡᠬᠦ ᠬᠠᠯᠠᠭᠤᠨ ᠷᠠᠰᠢᠶᠠᠨ ᠳᠤ ᠢᠷᠡᠬᠦ ᠲᠤᠷᠠᠳᠠᠢ︾ ᠭᠡᠵᠤ ᠲᠢᠶᠠᠨᠵᠢᠨ ᠬᠤᠳᠠ ᠶᠢᠨ | ᠵᠢᠭᠤᠯᠴᠢᠯᠠᠭᠴᠢ ᠡᡁᠸᠥ ᠬᠤᠸᠠ ᠮᠢᠨ ᠶᠠᠷᠢᠨ᠎ᠠ᠃ | ︽ᠡᠳᠤᠷ ᠲᠤᠨᠢ ᠮᠦᠰᠤ ᠴᠠᠰᠤᠨ ᠳᠤ ᠭᠤᠯᠭᠤᠵᠤ᠂ ᠤᠷᠤᠢ ᠳᠤᠨᠢ ᠬᠠᠯᠠᠭᠤᠨ ᠷᠠᠰᠢᠶᠠᠨ ᠳᠤ ᠤᠷᠤᠬᠤ ᠨᠢ | ᠲᠦᠢᠯ ᠤᠨ ᠲᠠᠭᠠᠯᠠᠮᠵᠢᠳᠠᠢ ᠪᠠᠶᠢᠨ᠎ᠠ︾ ᠭᠡᠵᠤ ᠭᠤᠸᠠᠩᠳᠥ᠋ᠩ ᠮᠤᠵᠢ ᠶᠢᠨ ᠵᠢᠭᠤᠯᠴᠢᠯᠠᠭᠴᠢ ᠶᠠᠩ ᠰᠢᠥ ᠶᠠᠷᠢᠨ᠎ᠠ᠃ | ᠷᠠᠰᠢᠶᠠᠨ ᠬᠤᠳᠠ ᠶᠢᠨ ᠬᠠᠯᠠᠭᠤᠨ ᠷᠠᠰᠢᠶᠠᠨ ᠨᠢ ᠵᠢᠭᠤᠯᠴᠢᠯᠠᠭᠴᠢᠳ ᠤᠨ ᠲᠠᠭᠠᠰᠢᠶᠠᠯ ᠢ ᠤᠯᠤᠭᠰᠠᠨ ᠢᠶᠠᠷ | ᠪᠠᠷᠠᠬᠤ ᠦᠭᠡᠢ᠂ ᠰᠤᠳᠤᠯᠤᠨ ᠰᠤᠷᠤᠯᠴᠠᠵᠤ ᠵᠢᠭᠤᠯᠴᠢᠯᠠᠬᠤ ᠶᠢᠨ ᠬᠠᠯᠠᠭᠤᠷᠠᠯ ᠰᠤᠩᠭᠤᠯᠳᠠ ᠪᠤᠯᠵᠤ ᠪᠤᠢ᠃ ︽ᠪᠢ | ᠡ᠊ᠨᠳᠠ ᠤᠯᠠᠨ ᠠᠷᠪᠢᠠ ᠠᠳᠠᠯᠢ ᠪᠤᠰᠤ ᠴᠢᠳᠠᠪᠬᠢᠳᠠᠢ ᠬᠠᠯᠠᠭᠤᠨ ᠷᠠᠰᠢᠶᠠᠨ ᠤ ᠲᠠᠳᠠᠭᠠᠯ ᠢ ᠤᠯᠵᠤ ᠬᠠᠷᠠᠯ᠎ᠠ᠂ | ᠠᠵᠢᠯᠳᠠᠨ ᠤ ᠲᠠᠶᠢᠯᠪᠤᠷᠢᠯᠠᠯᠳᠠ ᠪᠠᠷ ᠲᠠᠮᠵᠢᠨ ᠪᠢ ᠪᠠᠰᠠ ᠰᠢᠨ᠎ᠠ ᠮᠡᠳᠡᠯᠭᠡ ᠶᠢ ᠰᠤᠷᠤᠯᠴᠠᠵᠤ᠂ ᠬᠠᠯᠠᠭᠤᠨ ᠷᠠᠰᠢᠶᠠᠨ | ᠪᠤᠯ ᠭᠠᠯᠳᠤ ᠠᠭᠤᠯᠠ ᠶᠢᠨ ᠲᠡᠯᠪᠡᠷᠡᠯᠳᠠ ᠪᠠ ᠲᠡᠯᠡᠬᠡᠢ ᠶᠢᠨ ᠴᠠᠷᠴᠠᠳᠠᠰᠤ ᠠᠴᠠ ᠪᠤᠢ ᠪᠤᠯᠤᠭᠰᠠᠨ ᠢ ᠤᠶᠢᠯᠠᠭᠠᠵᠠᠢ︾ | ᠭᠡᠵᠤ ᠤᠯᠠᠭᠠᠨᠬᠤᠳᠠ ᠶᠢᠨ ᠱᠤᠩᠯᠢ ᠨᠢᠭᠡᠳᠤᠭᠡᠷ ᠪᠠᠭ᠎ᠠ ᠰᠤᠷᠭᠠᠭᠤᠯᠢ ᠶᠢᠨ ᠰᠤᠷᠤᠬᠴᠢ ᠡᠣ ᠢᠥᠢ ᠭᠡᠯᠡᠪᠡ᠃ | ︽ᠡ᠊ᠨᠳᠡᠬᠢ ᠤᠷᠴᠢᠨ ᠲᠤᠭᠤᠷᠢᠨ ᠦᠨᠡᠬᠡᠷ ᠭᠤᠶᠤᠬᠠᠨ᠂ ᠶᠠᠭ ᠬᠠᠯᠠᠭᠤᠨ ᠪᠦᠰᠡᠨ ᠤ ᠪᠤᠷᠤᠭᠠᠨᠳᠤ ᠤᠢ ᠳᠤ | ᠪᠠᠶᠢᠭ᠎ᠠ ᠮᠡᠳᠤ᠂ ᠪᠠᠰᠠ ᠡᠯ᠎ᠠ ᠵᠦᠢᠯ ᠤᠨ ᠵᠤᠭ᠎ᠠ ᠴᠡᠩᠭᠡᠯ ᠤᠨ ᠲᠦᠬᠦᠭᠡᠷᠤᠮᠵᠢ ᠲᠠᠢ ᠪᠠᠶᠢᠵᠤ᠂ ᠪᠢᠴᠢᠬᠠᠨ ᠨᠠᠶᠢᠵᠠ | ᠨᠠᠷ ᠲᠠᠢ ᠪᠠᠨ ᠬᠠᠮᠳᠤ ᠪᠠᠷ ᠨᠠᠭᠠᠳᠴᠤ ᠲᠡᠶᠢᠯᠤᠨ᠎ᠠ᠂ ᠦᠨᠡᠬᠡᠷ ᠰᠠᠶᠢᠨ︕︾ ᠭᠡᠵᠤ ᠤᠯᠠᠭᠠᠨᠬᠤᠳᠠ ᠶᠢᠨ 6 | ᠨᠠᠰᠤᠳᠠᠢ ᠵᠢᠭᠤᠯᠴᠢᠯᠠᠬᠴᠢ ᠵᠠᠩ ᠷᠦᠩ ᠬᠤᠢ ᠪᠠᠶᠠᠷᠯᠠᠨ᠎ᠠ᠃ · ᠵᠠᠩ ᠰᠢᠨ ᠶᠠᠩ ᠯᠢᠥᠢ ᠪᠢᠩ ᠵᠢᠶᠤᠸᠠᠨ ᠲᠢᠩ | ᠲᠢᠩ · |