12 ᠰᠠᠷ᠎ᠠ ᠶᠢᠨ 4 ᠤ ᠡᠳᠦᠷ ᠪᠤᠯ ᠮᠠᠨ ᠤ ᠤᠯᠤᠰ ᠤᠨ ᠠᠷᠪᠠᠨ ᠨᠢᠭᠡᠳᠡᠬᠢ ︽ᠤᠯᠤᠰ ᠤᠨ ᠦᠨᠳᠦᠰᠤᠨ | ᠬᠠᠤᠯᠢ ᠶᠢᠨ ᠡᠳᠦᠷ︾ ᠪᠠᠶᠢᠵᠦ᠂ 12 ᠰᠠᠷ᠎ᠠ ᠶᠢᠨ 1 ᠤ ᠡᠳᠦᠷ ᠠᠴᠠ 7 ᠤ ᠡᠳᠦᠷ ᠪᠤᠯ ᠮᠠᠨ ᠤ ᠤᠯᠤᠰ ᠤᠨ | ᠳᠤᠯᠤᠭᠠᠳᠡᠬᠢ ︽ᠦᠨᠳᠦᠰᠤᠨ ᠬᠠᠤᠯᠢ ᠶᠢᠨ ᠤᠬᠠᠭᠤᠯᠭ᠎ᠠ ᠶᠢᠨ ᠭᠠᠷᠠᠬ︾ ᠪᠤᠯᠤᠨ᠎ᠠ᠃ ᠨᠠᠮ ᠤᠨ ᠬᠤᠷᠢᠳᠤᠭᠠᠷ ᠶᠡᠭᠡ | ᠬᠤᠷᠠᠯ ᠤᠨ ᠵᠣᠷᠢᠭ ᠰᠠᠨᠠᠭ᠎ᠠ ᠪᠠ ᠰᠢ ᠶᠢᠨ ᠫᠢᠩ ᠤᠨ ᠬᠠᠤᠯᠢᠵᠢᠯ ᠤᠨ ᠦᠵᠡᠯ ᠰᠠᠨᠠᠭ᠎ᠠ ᠶᠢ ᠭᠦᠨᠵᠡᠭᠡᠢ ᠰᠤᠷᠤᠯᠴᠠᠨ | ᠳᠤᠭᠤᠰᠢᠯᠠᠭᠤᠯᠵᠦ᠂ ᠦᠨᠳᠦᠰᠦᠨ ᠬᠠᠤᠯᠢ ᠶᠢᠨ ᠵᠣᠷᠢᠭ ᠰᠠᠨᠠᠭ᠎ᠠ ᠶᠢ ᠪᠠᠳᠠᠷᠠᠭᠤᠯᠤᠨ᠂ ᠦᠨᠳᠦᠰᠦᠨ ᠬᠠᠤᠯᠢ ᠶᠢᠨ | ᠡᠷᠬᠡ ᠰᠦᠷ ᠢ ᠬᠠᠮᠠᠭᠠᠯᠠᠬᠤ ᠪᠠᠷ᠂ ᠣᠶᠢᠷ᠎ᠠ ᠶᠢᠨ ᠡᠳᠦᠷ ᠬᠢᠩᠭᠠᠨ ᠠᠶᠢᠮᠠᠭ ᠤᠨ ᠡᠯ᠎ᠠ ᠬᠤᠰᠢᠭᠤ ᠰᠢᠶᠠᠨ ᠬᠤᠳᠠ ᠶᠢᠨ | ᠡᠪᠯᠡᠯ ᠤᠨ ᠵᠣᠬᠢᠶᠠᠨ ᠪᠠᠶᠢᠭᠤᠯᠤᠯᠲᠠ ᠤᠳᠠᠭ᠎ᠠ ᠳᠠᠷᠠᠭᠠᠯᠠᠨ ᠡᠯᠪᠡᠭ ᠠᠭᠤᠯᠭ᠎ᠠ ᠪᠦᠬᠦᠢ ᠦᠨᠳᠦᠰᠤᠨ ᠬᠠᠤᠯᠢ ᠶᠢ | ᠤᠬᠠᠭᠤᠯᠤᠨ ᠲᠦᠭᠡᠮᠡᠯᠵᠢᠬᠦᠯᠬᠦ ᠠᠵᠢᠯᠯᠠᠭ᠎ᠠ ᠦᠷᠨᠢᠬᠦᠯᠦᠭᠰᠡᠨ ᠪᠠᠶᠢᠨ᠎ᠠ᠃ | ᠤᠯᠠᠭᠠᠨᠬᠤᠳᠠ ᠶᠢᠨ ᠡᠪᠯᠡᠯ ᠤᠨ ᠬᠤᠷᠢᠶ᠎ᠠ | 12 ᠰᠠᠷ᠎ᠠ ᠶᠢᠨ 2 ᠤᠨ ᠡᠳᠦᠷ᠂ ᠤᠯᠠᠭᠠᠨᠬᠤᠳᠠ ᠶᠢᠨ ᠡᠪᠯᠡᠯ ᠤᠨ ᠬᠤᠷᠢᠶ᠎ᠠ ᠶᠢᠨ ᠬᠢᠨ ᠤᠯᠠᠭᠠᠨᠬᠤᠳᠠ ᠶᠢᠨ | ᠵᠦᠡᠭ ᠴᠸᠦ ᠨᠢᠭᠦᠯᠡᠰᠦᠩᠭᠦᠶ ᠶᠢᠨ ᠨᠡᠶᠢᠭᠡᠮᠯᠢᠭ ᠲᠠᠢ ᠬᠠᠮᠲᠤᠷᠠᠨ ︽ᠦᠨᠳᠦᠰᠦᠨ ᠬᠠᠤᠯᠢ ᠶᠢᠨ ᠵᠣᠷᠢᠭ ᠰᠠᠨᠠᠭ᠎ᠠ ᠶᠢ | ᠪᠠᠳᠠᠷᠠᠭᠤᠯᠵᠤ᠂ ᠥᠭᠡᠷᠡᠴᠢᠯᠡᠯᠲᠡ ᠶᠢ ᠪᠥᠬᠦ ᠲᠠᠯ᠎ᠠ ᠪᠠᠷ ᠭᠦᠨᠵᠡᠭᠡᠶᠢᠷᠡᠭᠦᠯᠬᠦ ᠶᠢ ᠤᠯᠠᠮ ᠨᠢᠭᠡ ᠠᠯᠬᠤᠮ ᠳᠥᠯᠭᠢᠨ | ᠠᠬᠢᠭᠤᠯᠬᠤ︾ ᠪᠠᠷ ᠰᠡᠳᠦᠪᠯᠡᠭᠰᠡᠨ ᠬᠠᠤᠯᠢ ᠲᠦᠭᠡᠮᠡᠯᠵᠢᠭᠦᠯᠬᠦ ᠤᠬᠠᠭᠤᠯᠭ᠎ᠠ ᠶᠢᠨ ᠠᠵᠢᠯᠯᠠᠭ᠎ᠠ ᠥᠷᠨᠢᠭᠦᠯᠪᠡ᠃ | ᠤᠯᠠᠭᠠᠨᠬᠤᠳᠠ ᠶᠢᠨ ᠡᠪᠯᠡᠯ ᠤᠨ ᠬᠤᠷᠢᠶ᠎ᠠ ᠪᠦᠬᠦ ᠬᠤᠳᠠ ᠶᠢᠨ ᠦᠷᠬᠡᠨ ᠤᠯᠠᠨ ᠡᠪᠯᠡᠯ ᠤᠨ ᠬᠡᠰᠢᠬᠦᠨ | ᠵᠠᠯᠠᠭᠤᠴᠤᠳ ᠢ ᠵᠤᠬᠢᠶᠠᠨ ᠪᠠᠶᠢᠭᠤᠯᠵᠦ᠂ ᠤᠬᠠᠭᠤᠯᠭ᠎ᠠ ᠶᠢᠨ ᠬᠠᠭᠤᠳᠠᠰᠦ ᠲᠠᠷᠬᠠᠭᠠᠬᠤ ᠬᠡᠯᠪᠡᠷᠢ ᠪᠠᠷ ᠳᠠᠮᠵᠢᠭᠤᠯᠤᠨ | ᠰᠠᠭᠤᠭᠠᠯᠢ ᠠᠷᠠᠳ ᠲᠤ ᠦᠨᠳᠦᠰᠦᠨ ᠬᠠᠤᠯᠢ ᠶᠢᠨ ᠦᠨᠳᠦᠰᠦᠨ ᠮᠡᠳᠡᠯᠭᠡ᠂ ᠨᠠᠰᠤᠨ ᠳᠤ ᠦᠯᠤ ᠬᠥᠷᠦᠭᠰᠡᠳ ᠢ | ᠬᠠᠮᠠᠭᠠᠯᠠᠬᠤ ᠬᠠᠤᠯᠢ ᠵᠡᠷᠭᠡ ᠬᠠᠤᠯᠢ ᠴᠠᠭᠠᠵᠠ ᠶᠢᠨ ᠮᠡᠳᠡᠯᠭᠡ ᠶᠢ ᠲᠦᠭᠡᠮᠡᠯᠵᠢᠭᠦᠯᠬᠦ ᠶᠢᠨ ᠬᠠᠮᠲᠤ ᠤᠯᠠᠨ ᠲᠦᠮᠡᠨ ᠤ | ᠬᠠᠤᠯᠢ ᠴᠠᠭᠠᠵᠠ ᠶᠢᠨ ᠯᠠᠪᠯᠠᠯᠭ᠎ᠠ ᠳᠤ ᠬᠠᠷᠢᠭᠤᠯᠲᠠ ᠥᠭᠴᠦ᠂ ᠰᠠᠭᠤᠭᠠᠯᠢ ᠠᠷᠠᠳ ᠤᠨ ᠬᠠᠤᠯᠢᠵᠢᠯ ᠤᠨ ᠤᠬᠠᠮᠰᠠᠷ | ᠪᠠ ᠬᠠᠤᠯᠢᠵᠢᠯ ᠤᠨ ᠦᠵᠡᠯᠲᠡ ᠶᠢ ᠦᠨᠡᠨᠬᠦ ᠳᠡᠭᠡᠭᠰᠢᠯᠡᠭᠦᠯᠵᠦ᠂ ᠦᠨᠳᠦᠰᠦᠨ ᠬᠠᠤᠯᠢ ᠶᠢᠨ ᠡᠷᠬᠡ ᠰᠦᠷ ᠢ | ᠬᠠᠮᠠᠭᠠᠯᠠᠪᠠ᠃ | ᠦᠨᠳᠦᠰᠦᠨ ᠬᠠᠤᠯᠢ ᠶᠢᠨ ᠤᠬᠠᠭᠤᠯᠭ᠎ᠠ ᠶᠢᠨ ᠭᠠᠷᠠᠭ ᠲᠤ᠂ ᠤᠯᠠᠭᠠᠨᠬᠤᠲᠠ ᠶᠢᠨ ᠡᠪᠯᠡᠯ ᠤᠨ ᠬᠤᠷᠶᠶᠠ ᠤᠯᠠᠨ | ᠵᠦᠢᠯ ᠤᠨ ᠤᠬᠠᠭᠤᠯᠭ᠎ᠠ ᠶᠢᠨ ᠬᠡᠯᠪᠡᠷᠢ ᠪᠠᠷ ᠦᠨᠳᠦᠰᠦᠨ ᠬᠠᠤᠯᠢ ᠶᠢᠨ ᠤᠬᠠᠭᠤᠯᠭ᠎ᠠ ᠬᠥᠮᠦᠵᠢᠯ ᠤᠨ ᠠᠵᠢᠯᠯᠠᠭ᠎ᠠ ᠶᠢ | ᠪᠠᠶᠢᠩᠭᠤᠵᠢᠭᠤᠯᠤᠨ ᠥᠷᠨᠢᠭᠦᠯᠵᠦ᠂ ᠦᠨᠳᠦᠰᠦᠨ ᠬᠠᠤᠯᠢ ᠶᠢᠨ ᠵᠣᠷᠢᠭ ᠰᠠᠨᠠᠭ᠎ᠠ ᠶᠢ ᠤᠯᠠᠨ ᠲᠦᠮᠡᠨ ᠤ ᠰᠡᠳᠭᠢᠯ ᠳᠤ | ᠬᠠᠳᠠᠩᠰᠢᠭᠤᠯᠵᠤ᠂ ᠤᠯᠠᠨ ᠲᠦᠮᠡᠨ ᠤ ᠠᠮᠢᠳᠤᠷᠠᠯ ᠳᠤ ᠠᠭᠤᠰᠬᠠᠵᠤ᠂ ᠬᠦᠮᠦᠰ ᠤᠨ ᠬᠠᠤᠯᠢᠵᠢᠯ ᠤᠨ ᠤᠬᠠᠮᠰᠠᠷ ᠢ | ᠤᠯᠠᠮ ᠳᠡᠭᠡᠭᠰᠢᠯᠡᠬᠦᠯᠵᠠᠢ᠃ | ᠷᠠᠰᠢᠶᠠᠨ ᠬᠤᠲᠠ ᠶᠢᠨ ᠡᠪᠯᠡᠯ ᠤᠨ ᠬᠤᠷᠢᠶ᠎ᠠ | ᠦᠨᠳᠦᠰᠦᠨ ᠬᠠᠤᠯᠢ ᠶᠢᠨ ᠤᠬᠠᠭᠤᠯᠭ᠎ᠠ ᠶᠢᠨ ᠭᠠᠷᠠᠭ ᠲᠤ᠂ ᠷᠠᠰᠢᠶᠠᠨ ᠬᠤᠳᠠ ᠶᠢᠨ ᠡᠪᠯᠡᠯ ᠤᠨ | ᠬᠤᠷᠢᠶ᠎ᠠ ᠶᠢᠨ ᠬᠢᠨ ᠬᠠᠷᠢᠶᠠᠳᠦ ᠤᠷᠤᠨ ᠤ ᠬᠠᠮᠢᠶ᠎ᠠ ᠪᠦᠬᠦᠢ ᠪᠠᠶᠢᠭᠤᠯᠭ᠎ᠠ ᠨᠢᠭᠡᠴᠢ ᠶᠢᠨ ᠡᠪ ᠬᠠᠮᠳᠦ | ᠵᠠᠯᠠᠭᠤᠴᠤᠳ ᠤᠨ ᠰᠠᠶᠢᠨ ᠲᠤᠷ᠎ᠠ ᠶᠢᠨ ᠠᠵᠢᠯᠯᠠᠬᠴᠢ ᠶᠢ ᠵᠣᠬᠢᠶᠠᠨ ᠪᠠᠶᠢᠭᠤᠯᠵᠤ᠂ ᠷᠠᠰᠢᠶᠠᠨ ᠬᠤᠳᠠ ᠶᠢᠨ ︽12 · | 4︾ ᠤ ᠦᠨᠳᠦᠰᠦᠨ ᠬᠠᠤᠯᠢ ᠶᠢᠨ ᠤᠬᠠᠭᠤᠯᠭ᠎ᠠ ᠶᠢᠨ ᠭᠠᠷᠠᠬ ᠤᠨ ᠬᠠᠤᠯᠢ ᠴᠠᠭᠠᠵᠠ ᠶᠢᠨ ᠮᠡᠳᠡᠯᠭᠡ ᠶᠢ | ᠲᠦᠭᠡᠮᠡᠯᠵᠢᠭᠦᠯᠬᠦ ᠤᠬᠠᠭᠤᠯᠭ᠎ᠠ ᠶᠢᠨ ᠠᠵᠢᠯᠯᠠᠭ᠎ᠠ ᠶᠢ ᠥᠷᠨᠢᠭᠦᠯᠦᠭᠰᠡᠨ ᠪᠠᠶᠢᠨ᠎ᠠ᠃ | ᠡᠪ ᠬᠠᠮᠳᠦ ᠵᠠᠯᠠᠭᠤᠴᠤᠳ ᠤᠨ ᠰᠠᠶᠢᠨ ᠳᠤᠷ᠎ᠠ ᠶᠢᠨ ᠠᠵᠢᠯᠯᠠᠬᠴᠢ ᠵᠡᠭᠡᠯᠢ ᠭᠤᠳᠤᠮᠵᠢ᠂ ᠦᠵᠡᠮᠵᠢ ᠶᠢᠨ | ᠤᠷᠤᠨ ᠢᠶᠠᠷ ᠬᠦᠨᠵᠡᠭᠡᠶᠢᠷᠡᠨ ᠤᠬᠠᠭᠤᠯᠭ᠎ᠠ ᠶᠢᠨ ᠪᠢᠴᠢᠭᠡᠰᠦ ᠡᠯᠭᠦᠬᠦ᠂ ᠤᠬᠠᠭᠤᠯᠭ᠎ᠠ ᠶᠢᠨ ᠮᠠᠲ᠋ᠧᠷᠢᠶᠠᠯ ᠲᠠᠷᠬᠠᠭᠠᠬᠤ | ᠵᠡᠷᠭᠡ ᠣᠯᠠᠨ ᠵᠦᠢᠯ ᠤᠨ ᠬᠡᠯᠪᠡᠷᠢ ᠪᠠᠷ ᠳᠠᠮᠵᠢᠭᠤᠯᠤᠨ᠂ ᠵᠢᠭᠤᠯᠴᠢᠯᠠᠬᠴᠢᠳ ᠪᠠ ᠣᠯᠠᠨ ᠲᠦᠮᠡᠨ ᠳᠤ ︽ᠪᠥᠬᠦᠳᠡ | ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠦᠨᠳᠦᠰᠦᠨ ᠬᠠᠤᠯᠢ︾᠂ ︽ᠢᠷᠭᠡᠨ ᠤ ᠬᠠᠤᠯᠢ ᠶᠢᠨ ᠪᠢᠴᠢᠭ︾ ᠤᠨ | ᠠᠭᠤᠯᠭ᠎ᠠ ᠶᠢ ᠤᠬᠠᠭᠤᠯᠤᠨ ᠳᠠᠶᠢᠯᠪᠤᠷᠢᠯᠠᠵᠦ᠂ ᠣᠯᠠᠨ ᠲᠦᠮᠡᠨ ᠤ ᠤᠬᠠᠮᠰᠠᠷ ᠠᠴᠠ ᠪᠠᠨ ᠬᠠᠤᠯᠢ ᠴᠠᠭᠠᠵᠠ ᠬᠠᠤᠯᠢ | ᠲᠣᠭᠲᠠᠭᠠᠯ ᠢ ᠵᠢᠷᠤᠮᠯᠠᠨ ᠰᠠᠬᠢᠬᠤ᠂ ᠦᠨᠳᠦᠰᠦᠨ ᠬᠠᠤᠯᠢ ᠶᠢᠨ ᠶᠣᠰᠣᠭᠠᠷ ᠡᠷᠬᠡ ᠪᠠᠨ ᠬᠡᠷᠡᠭᠵᠢᠭᠦᠯᠬᠦ᠂ ᠡᠭᠦᠷᠭᠡ ᠪᠠᠨ | ᠭᠦᠢᠴᠡᠳᠭᠡᠬᠦ᠂ ᠭᠤᠮᠣᠳᠠᠯ ᠱᠠᠭᠠᠷᠳᠠᠯᠭ᠎ᠠ ᠪᠠᠨ ᠢᠯᠡᠳᠭᠡᠬᠦ᠂ ᠬᠠᠤᠯᠢ ᠶᠣᠰᠣᠨ ᠤ ᠡᠷᠬᠡ ᠠᠰᠢᠭ ᠢᠶᠠᠨ ᠬᠠᠮᠠᠭᠠᠯᠠᠬᠤ ᠶᠢ | ᠬᠥᠲᠥᠯᠦᠨ ᠵᠢᠯᠣᠭᠤᠳᠴᠠᠢ᠃ | ᠷᠠᠰᠢᠶᠠᠨ ᠬᠤᠳᠠ ᠶᠢᠨ ᠡᠪᠯᠡᠯ ᠤᠨ ᠬᠤᠷᠢᠶ᠎ᠠ ᠲᠠᠷᠠᠭᠠᠴᠢ ᠪᠠᠷ᠂ 12355 ᠬᠠᠤᠯᠢ ᠲᠦᠭᠡᠮᠡᠯᠵᠢᠭᠦᠯᠬᠦ ᠰᠠᠶᠢᠨ | ᠳᠤᠷ᠎ᠠ ᠶᠢᠨ ᠦᠢᠯᠡᠴᠢᠯᠡᠭᠡᠨ ᠤ ᠠᠩᠭᠢ ᠶᠢ ᠦᠷᠬᠦᠯᠵᠢᠯᠡᠨ ᠵᠤᠬᠢᠶᠠᠨ ᠪᠠᠶᠢᠭᠤᠯᠵᠦ᠂ ᠰᠠᠶᠢᠨ ᠳᠤᠷ᠎ᠠ ᠶᠢᠨ | ᠦᠢᠯᠡᠴᠢᠯᠡᠭᠡᠨ ᠤ ︽ᠵᠠᠯᠠᠭᠤᠴᠤᠳ︾ ᠤᠨ ᠬᠦᠴᠦᠨ ᠢ ᠭᠦᠢᠴᠡᠳ ᠪᠠᠳᠠᠷᠠᠭᠤᠯᠵᠤ᠂ ︽ᠤᠯᠤᠰ ᠤᠨ ᠦᠨᠳᠦᠰᠦᠨ | ᠬᠠᠤᠯᠢ ᠶᠢᠨ ᠡᠳᠦᠷ︾᠂ ︽ᠦᠨᠳᠦᠰᠦᠨ ᠬᠠᠤᠯᠢ ᠶᠢᠨ ᠤᠬᠠᠭᠤᠯᠭ᠎ᠠ ᠶᠢᠨ ᠭᠠᠷᠠᠭ︾ ᠵᠡᠷᠭᠡ ᠪᠠᠷ ᠠᠵᠠ ᠳᠤᠬᠢᠶᠠᠯ | ᠪᠤᠯᠭᠠᠨ ᠣᠯᠠᠨ ᠶᠠᠩᠵᠤ ᠶᠢᠨ ᠬᠠᠤᠯᠢ ᠲᠦᠭᠡᠮᠡᠯᠵᠢᠭᠦᠯᠬᠦ ᠤᠬᠠᠭᠤᠯᠭ᠎ᠠ ᠶᠢᠨ ᠠᠵᠢᠯᠯᠠᠭ᠎ᠠ ᠥᠷᠨᠢᠭᠦᠯᠵᠦ᠂ ᠨᠡᠶᠢᠭᠡᠮ | ᠵᠢᠷᠤᠮ ᠤᠨ ᠬᠠᠤᠯᠢᠵᠢᠯ ᠤᠨ ᠪᠥᠲᠥᠭᠡᠨ ᠪᠠᠶᠢᠭᠤᠯᠤᠯᠳᠠ ᠳᠤ ᠵᠠᠯᠠᠭᠤ ᠨᠠᠰᠤᠨ ᠤ ᠬᠦᠴᠦᠨ ᠴᠢᠳᠠᠯ ᠢ ᠨᠡᠮᠡᠷᠢᠬᠦᠯᠬᠦ | ᠪᠤᠯᠤᠨ᠎ᠠ᠃ | ᠵᠠᠯᠠᠶᠢᠳ ᠬᠤᠰᠢᠭᠤᠨ ᠤ ᠡᠪᠯᠡᠯ ᠤᠨ ᠬᠤᠷᠢᠶ᠎ᠠ | ᠤᠶᠢᠷ᠎ᠠ ᠶᠢᠨ ᠡᠳᠦᠷ᠂ ᠵᠠᠯᠠᠶᠢᠳ ᠬᠤᠰᠢᠭᠤᠨ ᠤ ᠡᠪᠯᠡᠯ ᠤᠨ ᠬᠤᠷᠢᠶ᠎ᠠ ︽ᠦᠨᠳᠦᠰᠦᠨ ᠬᠠᠤᠯᠢ ᠶᠢᠨ ᠵᠣᠷᠢᠭ | ᠰᠠᠨᠠᠭ᠎ᠠ ᠶᠢ ᠪᠠᠳᠠᠷᠠᠭᠤᠯᠵᠤ᠂ ᠥᠭᠡᠷᠡᠴᠢᠯᠡᠯᠲᠡ ᠶᠢ ᠪᠥᠬᠦ ᠲᠠᠯ᠎ᠠ ᠪᠠᠷ ᠭᠦᠨᠵᠡᠭᠡᠶᠢᠷᠡᠭᠦᠯᠬᠦ ᠶᠢ ᠤᠯᠠᠮ ᠨᠢᠭᠡ ᠠᠯᠬᠤᠮ | ᠳᠥᠯᠭᠢᠨ ᠠᠬᠢᠭᠤᠯᠬᠤ︾ ᠪᠠᠷ ᠰᠡᠳᠦᠪᠯᠡᠭᠰᠡᠨ ︽ᠲᠠᠪᠤ ᠶᠢ ᠠᠬᠢᠭᠤᠯᠬᠤ︾ ᠤᠬᠠᠭᠤᠯᠭ᠎ᠠ ᠶᠢᠨ ᠠᠵᠢᠯᠯᠠᠭ᠎ᠠ ᠥ | ᠷᠨᠢᠭᠦᠯᠵᠡᠢ᠃ | ᠵᠠᠯᠠᠶᠢᠳ ᠬᠤᠰᠢᠭᠤᠨ ᠤ ᠡᠪᠯᠡᠯ ᠤᠨ ᠬᠤᠷᠢᠶ᠎ᠠ ᠶᠢᠨ ᠬᠢᠨ ᠦᠨᠳᠦᠰᠦᠨ ᠬᠠᠤᠯᠢ ᠶᠢ ᠤᠬᠠᠭᠤᠯᠤᠨ | ᠲᠠᠶᠢᠯᠪᠤᠷᠢᠯᠠᠬᠤ ᠠᠵᠢᠯᠯᠠᠭ᠎ᠠ ᠶᠢ ᠵᠣᠬᠢᠶᠠᠨ ᠪᠠᠶᠢᠭᠤᠯᠤᠨ ᠦᠷᠨᠢᠬᠦᠯᠵᠦ᠂ ᠬᠠᠷᠢᠶᠠᠳᠦ ᠤᠷᠤᠨ ᠤ ᠪᠠᠶᠢᠭᠤᠯᠭ᠎ᠠ ᠨᠢᠭᠡᠴᠢ᠂ | ᠠᠵᠤ ᠠᠬᠤᠶᠢᠯᠠᠯ᠂ ᠨᠡᠶᠢᠭᠡᠮ ᠲᠣᠭᠤᠷᠢᠭ᠂ ᠰᠤᠷᠭᠠᠭᠤᠯᠢ ᠶᠢᠨ ᠬᠦᠷᠢᠶ᠎ᠡ ᠵᠢᠴᠢ ᠣᠯᠠᠨ ᠨᠡᠶᠢᠲᠡ ᠶᠢᠨ ᠲᠠᠯᠠᠪᠤᠷ ᠢᠶᠠᠷ | ᠬᠦᠷᠴᠦ᠂ ᠬᠠᠤᠯᠢ ᠴᠠᠭᠠᠵᠠ ᠶᠢᠨ ᠶᠡᠷᠦ ᠶᠢᠨ ᠮᠡᠳᠡᠯᠭᠡ ᠶᠢ ᠤᠬᠠᠭᠤᠯᠬᠤ᠂ ᠪᠤᠳᠠᠳᠦ ᠭᠡᠷᠡᠭ ᠤᠨ ᠵᠢᠱᠢᠶ᠎ᠠ ᠲᠠᠢ | ᠤᠶᠠᠯᠳᠤᠭᠤᠯᠤᠨ ᠬᠠᠤᠯᠢ ᠴᠠᠭᠠᠵᠨ ᠶᠢᠨ ᠮᠡᠳᠡᠯᠭᠡ ᠶᠢ ᠳᠠᠶᠢᠯᠪᠤᠷᠢᠯᠠᠬᠤ᠂ ᠬᠠᠤᠯᠢ ᠴᠠᠭᠠᠵᠠ ᠶᠢᠨ ᠮᠡᠳᠡᠯᠭᠡ ᠶᠢ | ᠬᠢᠴᠢᠶᠡᠯ ᠤᠨ ᠳᠠᠩᠬᠢᠮ ᠳᠤ ᠤᠷᠤᠭᠤᠯᠬᠤ᠂ ᠬᠤᠪᠢ ᠶᠢᠨ ᠡᠷᠭᠡ ᠠᠰᠢᠬ ᠲᠤ ᠬᠤᠯᠪᠤᠬᠳᠠᠬᠤ ᠬᠠᠤᠯᠢ ᠴᠠᠭᠠᠵᠠ ᠶᠢᠨ | ᠮᠡᠳᠡᠯᠭᠡ ᠶᠢ ᠤᠬᠠᠭᠤᠯᠬᠤ᠂ ᠬᠠᠮᠳᠦ ᠪᠠᠷ ᠦᠨᠳᠦᠰᠤᠨ ᠬᠠᠤᠯᠢ ᠶᠢ ᠰᠤᠷᠤᠯᠴᠠᠬᠤ ᠵᠡᠷᠭᠡ ᠡᠯᠪᠡᠭ ᠠᠭᠤᠯᠭ᠎ᠠ ᠪᠦᠬᠦᠢ | ᠤᠬᠠᠭᠤᠯᠭ᠎ᠠ ᠳᠠᠶᠢᠯᠤᠮᠵᠢ ᠶᠢᠨ ᠠᠵᠢᠯᠯᠠᠭ᠎ᠠ ᠦᠷᠨᠢᠬᠦᠯᠦᠭᠰᠡᠨ ᠪᠠᠶᠢᠨ᠎ᠠ᠃ | ᠡᠬᠦᠨ ᠢᠶᠠᠷ ᠳᠠᠮᠵᠢᠨ᠂ ᠤᠯᠠᠨ ᠲᠦᠮᠡᠨ ᠤ ︽ᠪᠦᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ | ᠦᠨᠳᠦᠰᠦᠨ ᠬᠠᠤᠯᠢ︾ ᠶᠢᠨ ᠲᠤᠬᠠᠢ ᠲᠠᠨᠢᠯᠲᠠ ᠶᠢ ᠭᠦᠨᠵᠡᠭᠡᠶᠢᠷᠡᠭᠦᠯᠵᠦ᠂ ᠤᠬᠠᠮᠰᠠᠷ ᠠᠴᠠ ᠪᠠᠨ ᠦᠨᠳᠦᠰᠦᠨ | ᠬᠠᠤᠯᠢ ᠶᠢᠨ ᠨᠡᠷ᠎ᠡ ᠬᠦᠨᠳᠦ ᠶᠢ ᠬᠠᠮᠠᠭᠠᠯᠠᠵᠤ᠂ ᠬᠠᠤᠯᠢ ᠶᠢ ᠰᠤᠷᠤᠯᠴᠠᠬᠤ᠂ ᠬᠠᠤᠯᠢ ᠶᠢ ᠮᠡᠳᠡᠬᠦ᠂ ᠬᠠᠤᠯᠢ ᠶᠢ ᠰᠠᠬᠢᠬᠤ | ᠂ ᠬᠠᠤᠯᠢ ᠶᠢ ᠬᠡᠷᠡᠭᠯᠡᠬᠦ ᠤᠬᠠᠮᠰᠠᠷ ᠢ ᠳᠡᠭᠡᠭᠰᠢᠯᠡᠬᠦᠯᠵᠠᠢ᠃ | ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤᠨ ᠤ ᠡᠪᠯᠡᠯ ᠤᠨ ᠬᠤᠷᠢᠶ᠎ᠠ | 12 ᠰᠠᠷ᠎ᠠ ᠶᠢᠨ 3 ᠤ ᠡᠳᠦᠷ᠂ ᠬᠤᠷᠴᠢᠨ ᠪᠠᠷᠠᠭᠤᠨ ᠭᠠᠷᠤᠨ ᠡᠮᠦᠨᠡᠳᠦ ᠬᠤᠰᠢᠭᠤᠨ ᠤ ᠡᠪᠯᠡᠯ ᠤᠨ | ᠬᠤᠷᠢᠶ᠎ᠠ ᠶᠢᠨ ᠵᠠᠯᠠᠭᠤ ᠰᠠᠶᠢᠨ ᠳᠤᠷ᠎ᠠ ᠶᠢᠨ ᠠᠵᠢᠯᠯᠠᠬᠴᠢᠳ ᠬᠠᠷᠢᠶᠠᠳᠦ ᠤᠷᠤᠨ ᠤ ᠨᠡᠶᠢᠭᠡᠮ ᠲᠣᠭᠤᠷᠢᠭ ᠢᠶᠠᠷ | ᠬᠦᠷᠴᠦ᠂ ᠰᠠᠭᠤᠭᠠᠯᠢ ᠠᠷᠠᠳ ᠲᠤ ︽ᠦᠨᠳᠦᠰᠦᠨ ᠬᠠᠤᠯᠢ︾ ᠶᠢᠨ ᠤᠬᠠᠭᠤᠯᠭ᠎ᠠ ᠶᠢᠨ ᠮᠠᠲ᠋ᠧᠷᠢᠶᠠᠯ ᠲᠠᠷᠬᠠᠭᠠᠵᠤ᠂ | ︽12 · 4︾ ᠤᠯᠤᠰ ᠤᠨ ᠦᠨᠳᠦᠰᠦᠨ ᠬᠠᠤᠯᠢ ᠶᠢᠨ ᠡᠳᠦᠷ ᠤᠨ ᠢᠷᠡᠯᠳᠡ ᠶᠢᠨ ᠳᠤᠬᠠᠢ ᠤᠯᠠᠨ ᠳᠤ | ᠲᠠᠶᠢᠯᠪᠤᠷᠢᠯᠠᠬᠰᠠᠨ ᠪᠠᠶᠢᠯ᠎ᠠ᠃ ᠮᠦᠨ ᠪᠠᠰᠠ ᠰᠠᠭᠤᠭᠠᠯᠢ ᠠᠷᠠᠳ ᠤᠨ ᠠᠮᠢᠳᠤᠷᠠᠯ ᠳᠤᠮᠳᠠ ᠡᠬᠦᠰᠦᠭᠰᠡᠨ ᠬᠠᠤᠯᠢ | ᠴᠠᠭᠠᠵᠠ ᠶᠢᠨ ᠬᠡᠷᠡᠭ ᠤᠨ ᠵᠢᠱᠢᠶ᠎ᠡ ᠶᠢ ᠵᠢᠭᠰᠠᠭᠠᠨ ᠲᠣᠭᠠᠴᠢᠬᠤ ᠶᠢᠨ ᠲᠠᠭᠠᠥ ᠵᠠᠳᠠᠯᠤᠯᠳᠠ ᠬᠢᠵᠦ᠂ ᠳᠡᠳᠡᠨᠡᠷ ᠢ ᠬᠠᠤᠯᠢ | ᠴᠠᠭᠠᠵᠠ ᠪᠠᠷ ᠦᠪᠡᠷ ᠤᠨ ᠬᠠᠤᠯᠢ ᠶᠤᠰᠤᠨ ᠤ ᠡᠷᠭᠡ ᠠᠰᠢᠬ ᠢᠶᠠᠨ ᠬᠠᠮᠠᠭᠠᠯᠠᠵᠦ᠂ ᠬᠠᠤᠯᠢ ᠶᠢ ᠮᠡᠳᠡᠵᠦ ᠬᠠᠤᠯᠢ ᠶᠢ | ᠰᠠᠬᠢᠬᠤ ᠶᠢ ᠬᠦᠳᠤᠯᠤᠨ ᠵᠢᠯᠤᠭᠤᠳᠪᠠ᠃ | ᠬᠤᠷᠴᠢᠨ ᠪᠠᠷᠠᠭᠤᠨ ᠭᠠᠷᠤᠨ ᠡᠮᠦᠨᠡᠳᠦ ᠬᠤᠰᠢᠭᠤᠨ ᠤ ᠡᠪᠯᠡᠯ ᠤᠨ ᠬᠤᠷᠢᠶ᠎ᠠ ᠲᠠᠷᠠᠭᠠᠴᠢ ᠪᠠᠷ᠂ | ᠵᠠᠯᠠᠭᠤᠴᠤᠳ ᠤᠨ ᠰᠠᠶᠢᠨ ᠳᠤᠷ᠎ᠠ ᠶᠢᠨ ᠦᠢᠯᠡᠴᠢᠯᠡᠭᠡᠨ ᠤ ᠠᠩᠬᠢ ᠶᠢᠨ ᠠᠮᠢᠵᠢᠷᠠᠯ ᠤᠨ ᠬᠦᠴᠦᠨ ᠢ ᠬᠦᠢᠴᠡᠳ | ᠪᠠᠳᠠᠷᠠᠭᠤᠯᠤᠨ᠂ ᠣᠯᠠᠨ ᠶᠠᠩᠵᠤ ᠶᠢᠨ ᠬᠡᠯᠪᠡᠷᠢ ᠶᠢᠨ ᠰᠠᠶᠢᠨ ᠳᠤᠷ᠎ᠠ ᠶᠢᠨ ᠦᠢᠯᠡᠴᠢᠯᠡᠭᠡᠨ ᠤ ᠠᠵᠢᠯᠯᠠᠭ᠎ᠠ ᠶᠢ | ᠪᠠᠶᠢᠡᠭᠭᠤᠵᠢᠭᠤᠯᠤᠨ ᠥᠷᠨᠢᠭᠦᠯᠵᠦ᠂ ᠣᠷᠳᠣ ᠬᠤᠭᠤᠴᠠᠭᠠᠨ ᠤ᠂ ᠪᠦᠳᠤᠮᠵᠢᠳᠠᠢ ᠬᠠᠤᠯᠢ ᠴᠠᠭᠠᠵᠠ ᠶᠢᠨ | ᠤᠬᠠᠭᠤᠯᠭ᠎ᠠ ᠶᠢᠨ ᠤᠷᠴᠢᠨ ᠳᠤᠭᠤᠷᠢᠨ ᠢ ᠡᠬᠦᠳᠬᠦ ᠪᠤᠯᠤᠨ᠎ᠠ᠃ | ᠲᠦᠴᠢᠤᠸᠠᠨ ᠰᠢᠶᠠᠨ ᠤ ᠡᠪᠯᠡᠯ ᠤᠨ ᠬᠤᠷᠢᠶ᠎ᠠ | ᠦᠨᠳᠦᠰᠤᠨ ᠬᠠᠤᠯᠢ ᠶᠢᠨ ᠤᠬᠠᠭᠤᠯᠭ᠎ᠠ ᠶᠢᠨ ᠭᠠᠷᠠᠬ ᠲᠤ᠂ ᠲᠦᠴᠢᠤᠸᠠᠨ ᠰᠢᠶᠠᠨ ᠤ ᠡᠪᠯᠡᠯ ᠤᠨ ᠬᠤᠷᠢᠶ᠎ᠠ | ᠬᠠᠷᠢᠶᠠᠳᠦ ᠤᠷᠤᠨ ᠤ ᠡᠯ᠎ᠠ ᠪᠠᠶᠢᠭᠤᠯᠭ᠎ᠠ ᠨᠢᠭᠡᠴᠢ ᠲᠠᠢ ᠬᠠᠮᠲᠤᠷᠠᠨ ᠨᠡᠶᠢᠭᠡᠮ ᠲᠣᠭᠤᠷᠢᠭ᠂ ᠰᠤᠷᠭᠠᠭᠤᠯᠢ᠂ ᠠᠵᠤ | ᠠᠬᠤᠶᠢᠯᠠᠯ ᠵᠡᠷᠭᠡ ᠪᠠᠷ ᠬᠦᠷᠴᠦ᠂ ᠤᠯᠠᠨ ᠨᠡᠶᠢᠲᠡ ᠶᠢᠨ ᠲᠠᠯᠠᠪᠤᠷ ᠲᠤ ᠦᠨᠳᠦᠰᠦᠨ ᠬᠠᠤᠯᠢ ᠶᠢᠨ ᠤᠬᠠᠭᠤᠯᠭ᠎ᠠ ᠶᠢᠨ | ᠪᠢᠴᠢᠭᠡᠰᠦ ᠶᠢ ᠡᠯᠭᠦᠵᠦ᠂ ᠦᠨᠳᠦᠰᠦᠨ ᠬᠠᠤᠯᠢ ᠶᠢᠨ ᠤᠬᠠᠭᠤᠯᠭ᠎ᠠ ᠶᠢᠨ ᠵᠠᠷᠯᠠᠯ ᠨᠠᠭᠠᠵᠤ᠂ ᠦᠨᠳᠦᠰᠦᠨ ᠬᠠᠤᠯᠢ ᠶᠢᠨ | ᠤᠬᠠᠭᠤᠯᠭ᠎ᠠ ᠶᠢᠨ ᠭᠠᠷ ᠳᠡᠪᠲᠡᠷ ᠢ ᠲᠠᠷᠬᠠᠭᠠᠵᠤ᠂ ᠦᠨᠳᠦᠰᠦᠨ ᠬᠠᠤᠯᠢ ᠶᠢᠨ ᠵᠣᠷᠢᠭ ᠰᠠᠨᠠᠭ᠎ᠠ ᠶᠢ ᠲᠦᠭ ᠲᠦᠮᠡᠨ | ᠠᠶᠢᠯ ᠡᠷᠦᠬᠡ ᠳᠤ ᠬᠦᠷᠭᠡᠭᠰᠡᠨ ᠪᠠᠶᠢᠨ᠎ᠠ᠃ | ᠡᠬᠦᠨ ᠤ ᠬᠠᠮᠳᠦ᠂ ᠲᠦᠴᠢᠤᠸᠠᠨ ᠰᠢᠶᠠᠨ ᠤ ᠡᠪᠯᠡᠯ ᠤᠨ ᠬᠤᠷᠢᠶ᠎ᠠ ᠪᠠᠶᠢᠭᠤᠯᠭ᠎ᠠ ᠶᠢᠨ ᠢᠶᠠᠨ ᠸᠢᠴᠠᠲ ᠤᠨ | ᠤᠯᠠᠨ ᠨᠡᠶᠢᠲᠡ ᠶᠢᠨ ᠳ᠋ᠤᠭᠠᠷ ᠮᠡᠳᠦ ᠶᠢᠨ ᠰᠢᠨ᠎ᠡ ᠵᠠᠭᠤᠴᠢᠯᠠᠭᠤᠷ ᠤᠨ ᠲᠠᠪᠴᠠᠩ ᠢ ᠠᠰᠢᠭᠯᠠᠨ᠂ ᠦᠨᠳᠦᠰᠦᠨ | ᠬᠠᠤᠯᠢ ᠶᠢᠨ ᠤᠬᠠᠭᠤᠯᠭ᠎ᠠ ᠶᠢᠨ ᠠᠭᠤᠯᠭ᠎ᠠ ᠶᠢ ᠨᠡᠶᠢᠲᠡᠯᠡᠵᠦ᠂ ᠤᠬᠠᠭᠤᠯᠭ᠎ᠠ ᠶᠢᠨ ᠬᠦᠷᠢᠶ᠎ᠠ ᠬᠡᠪᠴᠢᠶ᠎ᠡ ᠶᠢ ᠥᠷᠭᠡᠳᠭᠡᠨ | ᠂ ᠤᠬᠠᠭᠤᠯᠭ᠎ᠠ ᠶᠢᠨ ᠦᠷ᠎ᠡ ᠪᠦᠲᠦᠮᠵᠢ ᠶᠢ ᠳᠡᠭᠡᠭᠰᠢᠯᠡᠭᠦᠯᠦᠭᠰᠡᠨ ᠪᠠᠶᠢᠨ᠎ᠠ᠃ | ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠡᠪᠯᠡᠯ ᠤᠨ ᠬᠤᠷᠢᠶ᠎ᠠ | 12 ᠰᠠᠷ᠎ᠠ ᠶᠢᠨ 3 ᠤ ᠡᠳᠦᠷ᠂ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠡᠪᠯᠡᠯ ᠤᠨ | ᠬᠤᠷᠢᠶ᠎ᠠ ᠶᠢᠨ ᠬᠢᠨ ᠬᠤᠰᠢᠭᠤᠨ ᠤ ᠠᠷᠠᠳ ᠤᠨ ᠪᠠᠶᠢᠴᠠᠭᠠᠬᠤ ᠬᠤᠷᠢᠶ᠎ᠠ ᠪᠤᠯᠤᠨ ᠪᠠᠶᠠᠨ ᠨᠡᠶᠢᠭᠡᠮ ᠲᠣᠭᠤᠷᠢᠭ ᠲᠠᠢ | ᠬᠠᠮᠲᠤᠷᠠᠨ᠂ ᠪᠠᠶᠠᠨᠬᠤᠰᠢᠭᠤ ᠬᠤᠶᠠᠳᠤᠭᠠᠷ ᠳᠤᠮᠳᠠᠳᠤ ᠰᠤᠷᠭᠠᠭᠤᠯᠢ ᠳᠤ ᠭᠦᠨᠵᠡᠭᠡᠶᠢᠷᠡᠨ ︽ᠦᠨᠳᠦᠰᠦᠨ ᠬᠠᠤᠯᠢ ᠶᠢᠨ | ᠤᠬᠠᠭᠤᠯᠭ᠎ᠠ ᠶᠢᠨ ᠭᠠᠷᠠᠭ︾ ᠤᠨ ᠬᠠᠤᠯᠢ ᠴᠠᠭᠠᠵᠠ ᠶᠢ ᠰᠤᠷᠭᠠᠭᠤᠯᠢ ᠶᠢᠨ ᠬᠦᠷᠢᠶᠡᠨ ᠳᠤ ᠬᠦᠷᠭᠡᠬᠦ ᠠᠵᠢᠯᠯᠠᠭ᠎ᠠ | ᠥᠷᠨᠢᠭᠦᠯᠪᠡ᠃ | ᠬᠠᠤᠯᠢ ᠴᠠᠭᠠᠵᠠ ᠶᠢᠨ ᠶᠡᠷᠦ ᠶᠢᠨ ᠮᠡᠳᠡᠯᠭᠡ ᠶᠢ ᠲᠦᠭᠡᠮᠡᠯᠵᠢᠭᠦᠯᠬᠦ ᠵᠠᠯᠠᠭᠤ ᠰᠠᠶᠢᠨ ᠳᠤᠷ᠎ᠠ ᠶᠢᠨ ᠠᠵᠢᠯᠯᠠᠬᠴᠢ | ︽ᠶᠠᠭᠤ ᠶᠢ ᠦᠨᠳᠦᠰᠤᠨ ᠬᠠᠤᠯᠢ ᠭᠡᠬᠦ᠂ ᠶᠠᠭᠤᠨ ᠳᠤ ᠤᠯᠤᠰ ᠤᠨ ᠦᠨᠳᠦᠰᠦᠨ ᠬᠠᠤᠯᠢ ᠶᠢᠨ ᠡᠳᠦᠷ ᠢ | ᠲᠣᠭᠲᠠᠭᠠᠬᠰᠠᠨ᠂ ᠵᠠᠯᠠᠭᠤᠴᠤᠳ ᠪᠠᠭᠠᠴᠤᠳ ᠭᠡᠷᠬᠢᠨ ᠦᠨᠳᠦᠰᠤᠨ ᠬᠠᠤᠯᠢ ᠶᠢ ᠬᠠᠮᠠᠭᠠᠯᠠᠵᠦ ᠬᠠᠤᠯᠢ ᠴᠠᠭᠠᠵᠠ ᠶᠢ | ᠰᠤᠷᠤᠯᠴᠠᠬᠤ︾ ᠵᠡᠷᠭᠡ ᠲᠠᠯ᠎ᠠ ᠠᠴᠠ ᠭᠠᠷᠳᠠᠨ ᠰᠤᠷᠤᠬᠴᠢᠳ ᠲᠤ ᠦᠨᠳᠦᠰᠤᠨ ᠬᠠᠤᠯᠢ ᠶᠢᠨ ᠳᠤᠬᠠᠢ ᠬᠦᠨᠵᠡᠬᠡᠢ | ᠳᠠᠶᠢᠯᠪᠤᠷᠢᠯᠠᠯᠳᠠ ᠬᠢᠭᠰᠡᠨ ᠪᠠᠶᠢᠨ᠎ᠠ᠃ ᠪᠠᠰᠠ ᠪᠤᠳᠠᠳᠤ ᠭᠡᠷᠡᠭ ᠢᠶᠠᠷ ᠬᠠᠤᠯᠢ ᠶᠢ ᠳᠠᠶᠢᠯᠪᠤᠷᠢᠯᠠᠵᠦ᠂ ᠰᠤᠷᠤᠬᠴᠢᠳ ᠢ | ᠰᠤᠷᠭᠠᠭᠤᠯᠢ ᠶᠢᠨ ᠬᠦᠷᠢᠶᠡᠨ ᠤ ᠠᠮᠤᠷ ᠲᠦᠪᠰᠢᠨ ᠢ ᠡᠷᠬᠢᠮᠯᠡᠨ᠂ ᠰᠤᠷᠭᠠᠭᠤᠯᠢ ᠶᠢᠨ ᠬᠦᠷᠢᠶᠡᠨ ᠤ ᠬᠦᠴᠦᠷᠭᠡᠭᠯᠡᠯ | ᠳᠤᠷᠤᠮᠵᠢᠯᠠᠯ ᠢ ᠡᠰᠡᠷᠬᠦᠴᠡᠨ ᠳᠠᠪᠴᠢᠵᠦ᠂ ᠵᠤᠷᠢᠬᠳᠠᠢ ᠪᠠᠷ ᠬᠠᠤᠯᠢ ᠴᠠᠭᠠᠵᠠ ᠶᠢᠨ ᠵᠡᠪᠰᠡᠭ ᠢᠶᠠᠷ ᠦᠪᠡᠷ ᠢ ᠪᠠᠨ | ᠬᠠᠮᠠᠭᠠᠯᠠᠬᠤ ᠶᠢ ᠤᠷᠢᠶᠠᠯᠠᠪᠡ᠃ | ᠬᠢᠨᠭ᠍ᠭᠠᠨ ᠠᠶᠢᠮᠠᠬ ᠤᠨ ᠡᠪᠯᠡᠯ ᠤᠨ ᠬᠤᠷᠢᠶ᠎ᠠ ᠳᠠᠷᠠᠭᠠᠴᠢ ᠪᠠᠷ᠂ ᠤᠬᠠᠭᠤᠯᠭ᠎ᠠ ᠶᠢᠨ ᠬᠦᠷᠢᠶ᠎ᠠ ᠭᠡᠪᠴᠢᠶ᠎ᠠ ᠪᠠ | ᠤᠬᠠᠭᠤᠯᠭ᠎ᠠ ᠳᠠᠶᠢᠯᠤᠮᠵᠢ ᠶᠢᠨ ᠠᠷᠭ᠎ᠠ ᠠᠪᠴᠠᠯ ᠤᠨ ᠳᠠᠯ᠎ᠠ ᠪᠠᠷ ᠦᠷᠬᠦᠯᠵᠢᠯᠡᠨ ᠰᠢᠨ᠎ᠠ ᠶᠢ ᠡᠬᠦᠳᠴᠦ᠂ ᠪᠦᠬᠦ | ᠠᠷᠠᠳ ᠢ ᠬᠦᠳᠤᠯᠤᠨ ᠵᠢᠯᠤᠭᠤᠳᠴᠦ ᠪᠠᠶᠢᠭᠠᠳ ᠬᠠᠤᠯᠢ ᠶᠢ ᠮᠡᠳᠡᠭᠰᠡᠨ᠂ ᠬᠠᠤᠯᠢ ᠶᠢ ᠰᠤᠷᠤᠯᠴᠠᠬᠰᠠᠨ᠂ ᠬᠠᠤᠯᠢ ᠶᠢ | ᠰᠠᠬᠢᠬᠰᠠᠨ᠂ ᠬᠠᠤᠯᠢ ᠶᠢ ᠭᠡᠷᠡᠭᠵᠢᠬᠦᠯᠦᠭᠰᠡᠨ ᠬᠠᠤᠯᠢᠵᠢᠯ ᠤᠨ ᠨᠡᠶᠢᠭᠡᠮ ᠤᠨ ᠪᠦᠳᠦᠭᠡᠨ ᠪᠠᠶᠢᠭᠤᠯᠤᠯᠳᠠ ᠶᠢ | ᠠᠬᠢᠭᠤᠯᠬᠤ ᠪᠤᠯᠤᠨ᠎ᠠ᠃ | |