ᠡᠪᠦᠯ ᠤᠨ ᠣᠯᠠᠷᠢᠯ ᠳᠤ ᠲᠤᠯᠠᠭᠠᠯᠠᠬᠤ ᠳᠤ ᠠᠮᠣᠷ ᠲᠦᠪᠰᠢᠨ ᠢ ᠠᠩᠬᠠᠷᠣᠭᠠᠷᠡᠢ | 1. ᠨᠡᠭᠦᠷᠡᠰᠦᠨ ᠵᠤᠤᠬ᠎ᠠ᠂ ᠨᠡᠭᠦᠷᠡᠰᠦᠨ ᠭᠠᠯ ᠵᠡᠷᠭᠡ ᠳᠤᠯᠠᠭᠠᠴᠠᠭᠤᠷ ᠢ ᠬᠡᠷᠡᠭᠯᠡᠬᠦ ᠳᠤ ᠪᠠᠨ ᠵᠠᠪᠠᠯ ᠡᠭᠦᠳᠡ | ᠴᠣᠩᠬᠤ ᠪᠠᠨ ᠬᠠᠭᠠᠵᠤ ᠪᠣᠯᠬᠤ ᠥᠬᠡᠶ᠂ ᠦᠷᠭᠦᠯᠵᠢ ᠰᠠᠯᠬᠢ ᠨᠡᠪᠲᠡᠷᠡᠭᠦᠯᠦᠨ ᠠᠭᠠᠷ ᠰᠣᠯᠢᠬᠤ ᠬᠡᠷᠡᠭᠲᠡᠶ᠃ ᠣᠷᠣᠢ | ᠣᠨᠳᠡᠬᠤ ᠦᠶ᠋ᠰ ᠨᠡᠭᠦᠷᠡᠰᠦᠨ ᠭᠠᠯ᠂ ᠨᠡᠭᠦᠷᠡᠰᠦᠨ ᠵᠤᠤᠬ᠎ᠠ ᠵᠡᠷᠭᠡ ᠪᠠᠨ ᠣᠨᠳᠡᠯᠭᠠ ᠶᠢᠨ ᠥᠷᠥᠭᠡᠨ ᠳᠤ ᠲᠠᠯᠪᠢᠵᠤ | ᠪᠣᠯᠬᠤ ᠥᠬᠡᠶ᠃ | 2. ᠴᠠᠬᠢᠯᠭᠠᠨ ᠳᠤᠯᠠᠭᠠᠯᠴᠠᠭᠤᠷ ᠪᠠᠷ ᠳᠤᠯᠠᠭᠠᠴᠠᠬᠤ ᠦᠶ᠎ᠡ ᠳᠤ᠂ ᠢᠯᠡ ᠭᠠᠯ ᠠᠴᠠ ᠬᠤᠯᠠ ᠵᠠᠶᠢᠳᠡᠭᠤ | ᠪᠠᠶᠢᠬᠤ ᠶᠢ ᠠᠩᠬᠠᠷᠬᠤ ᠬᠡᠷᠡᠭᠲᠡᠶ᠃ ᠡᠭᠦᠨ ᠠᠴᠠ ᠭᠠᠳᠠᠨ᠎ᠠ᠂ ᠣᠶᠢᠷ᠎ᠠ ᠬᠠᠪᠢ ᠳᠤ ᠠᠭᠠᠷ ᠴᠡᠪᠡᠷᠰᠢᠬᠦᠯᠥᠭᠴᠢ᠂ ᠵᠠᠷᠢᠮ | ᠦᠨᠣᠷᠳᠣ ᠦᠰᠣ ᠵᠡᠷᠭᠡ ᠶᠢ ᠬᠡᠷᠡᠭᠯᠡᠵᠦ ᠪᠣᠯᠬᠤ ᠦᠭᠡᠶ᠂ ᠲᠡᠯᠪᠡᠷᠡᠯᠳᠡ ᠶᠢᠨ ᠠᠶᠣᠯ ᠡᠬᠦᠰᠬᠦ ᠠᠴᠠ ᠰᠠᠷᠭᠡᠶᠢᠯᠡᠬᠦ | ᠭᠡᠷᠡᠭᠳᠡᠢ᠃ ᠱᠠᠹᠠ ᠵᠡᠷᠭᠡ ᠬᠥᠪᠥᠩ ᠨᠡᠬᠡᠮᠡᠯ ᠪᠣᠳᠠᠰ ᠲᠠᠢ ᠬᠡᠲᠦᠷᠬᠡᠢ ᠣᠶᠢᠷᠠᠯᠴᠠᠭ᠎ᠠ ᠲᠠᠯᠪᠢᠵᠣ ᠪᠣᠯᠬᠤ ᠦᠭᠡᠢ᠂ ᠨᠡᠩ | ᠴᠠᠬᠢᠯᠭᠠᠨ ᠳᠤᠯᠠᠭᠠᠯᠴᠠᠭᠤᠷ ᠳᠡᠭᠡᠷ᠎ᠡ ᠬᠤᠪᠴᠠᠰᠤ ᠬᠠᠲᠠᠭᠠᠵᠣ ᠪᠣᠯᠬᠤ ᠦᠭᠡᠢ᠃ ᠲᠦᠷᠭᠡᠨ ᠳᠤᠯᠠᠭᠠᠯᠭ᠎ᠠ ᠪᠣᠶᠣ ᠡᠳ᠋ | ᠪᠣᠳᠠᠰ ᠬᠡᠲᠦᠷᠬᠡᠢ ᠬᠠᠯᠠᠭᠤᠨ ᠠᠴᠠ ᠪᠣᠯᠵᠣ ᠨᠣᠴᠣᠵᠤ ᠭᠠᠯ ᠭᠠᠷᠬᠤ ᠠᠴᠠ ᠰᠡᠷᠭᠡᠢᠯᠡᠬᠦ ᠬᠡᠷᠡᠭᠲᠡᠢ᠃ | 3. ᠴᠠᠬᠢᠯᠭᠠᠨ ᠰᠠᠩᠰᠠ ᠶᠢᠨ ᠳᠤᠯᠠᠭᠠᠯᠭ᠎ᠠ ᠶᠢᠨ ᠴᠠᠬᠢᠯᠭᠠᠨ ᠨᠡᠪᠲᠡᠷᠡᠬᠦ ᠴᠠᠭ ᠨᠢ ᠬᠡᠳᠦ ᠤᠷᠲᠤ ᠪᠠᠶᠢᠵᠤ ᠪᠣᠯᠬᠤ | ᠦᠭᠡᠢ᠂ ᠬᠥᠮᠦᠨ ᠭᠡᠷ ᠠᠴᠠ ᠪᠠᠨ ᠭᠠᠷᠴᠣ ᠶᠠᠪᠤᠪᠡᠯ ᠴᠠᠬᠢᠯᠭᠠᠨ ᠢᠶᠠᠨ ᠲᠠᠰᠤᠯᠬᠤ ᠶᠢ ᠪᠠᠲᠤ ᠴᠡᠭᠡᠵᠢᠯᠡᠬᠦ ᠭᠡᠷᠡᠭᠳᠡᠢ᠃ | 4. ᠳᠠᠭᠠᠭᠠᠴᠠ ᠠᠴᠠ ᠬᠡᠲᠦᠷᠡᠭᠦᠯᠦᠨ ᠬᠡᠷᠡᠭᠯᠡᠬᠦ ᠶᠢ ᠴᠢᠩᠭ᠎ᠠ ᠰᠡᠷᠭᠡᠶᠢᠯᠡᠵᠦ᠂ ᠶᠡᠭᠡ ᠴᠢᠳᠠᠮᠵᠢ ᠲᠠᠢ ᠴᠠᠬᠢᠯᠭᠠᠨ | ᠬᠡᠷᠡᠭᠰᠡᠯ ᠢ ᠬᠡᠷᠡᠭᠯᠡᠬᠦ ᠦᠶ᠎ᠡ ᠳᠤ᠂ ᠨᠢᠭᠡ ᠤᠭᠯᠠᠭᠤᠷᠭ᠎ᠠ ᠳᠡᠭᠡᠷ᠎ᠡ ᠴᠢᠳᠠᠬᠤ ᠶᠢᠨ ᠳᠣᠲᠣᠷ᠎ᠠ ᠵᠥᠪᠬᠡᠨ ᠨᠢᠭᠡ | ᠣᠭᠯᠠᠭᠤᠷ ᠵᠠᠯᠭᠠᠬᠤ ᠶᠢ ᠪᠠᠲᠤᠯᠠᠬᠤ ᠬᠡᠷᠡᠭᠲᠡᠢ᠃ | 5. ᠰᠠᠯᠬᠢ ᠢᠯᠡᠭᠦᠬᠡᠨ ᠨᠡᠪᠲᠡᠷᠡᠭᠦᠯᠵᠦ᠂ ᠰᠢᠨ᠎ᠡ ᠰᠣᠷᠭᠤᠭ ᠠᠭᠤᠷ ᠠᠮᠢᠰᠬᠤᠯ ᠤᠨ ᠰᠣᠯᠢᠯᠴᠠᠭ᠎ᠠ ᠶᠢ | ᠪᠠᠳᠣᠯᠠᠬᠤ ᠭᠡᠷᠡᠭᠳᠡᠢ᠃ | ᠠᠮᠣᠷ ᠲᠦᠪᠰᠢᠨ ᠢᠶᠠᠷ ᠴᠠᠬᠢᠯᠭᠠᠨ ᠬᠡᠷᠡᠭᠯᠡᠬᠦ ᠲᠣᠬᠠᠢ | 1. ᠭᠡᠷ ᠲᠡᠭᠡᠨ ᠳᠤᠷ᠎ᠠ ᠪᠠᠷ ᠴᠠᠬᠢᠯᠭᠠᠨ ᠵᠠᠯᠭᠠᠬᠤ ᠦᠭᠡᠢ᠂ ᠳᠠᠭᠠᠭᠠᠴᠠ ᠠᠴᠠ ᠬᠡᠲᠦᠷᠡᠭᠦᠯᠦᠨ ᠬᠡᠷᠡᠭᠯᠡᠬᠦ ᠦᠭᠡᠢ᠃ | | 2. ᠭᠡᠷ ᠪᠦᠯᠢ ᠶᠢᠨ ᠴᠠᠬᠢᠯᠭᠠᠨ ᠤᠲᠠᠰᠤ ᠬᠠᠭᠤᠴᠢᠷᠠᠵᠤ ᠡᠪᠳᠡᠷᠡᠵᠦ ᠰᠦᠢᠳᠥᠭᠰᠠᠨ ᠢ ᠴᠠᠭ ᠲᠣᠬᠠᠢ ᠳᠤᠨᠢ | ᠰᠣᠯᠢᠬᠤ ᠭᠡᠷᠡᠭᠳᠡᠢ᠃ | 3. ᠴᠠᠬᠢᠯᠭᠠᠨ ᠬᠠᠯᠠᠭᠠᠯᠲᠠ ᠶᠢᠨ ᠵᠤᠤᠬ᠎ᠠ᠂ ᠴᠠᠬᠢᠯᠭᠠᠨ ᠬᠠᠯᠠᠭᠠᠯᠲᠠ ᠶᠢᠨ ᠮᠠᠰᠢᠨ᠂ ᠴᠠᠬᠢᠯᠭᠠᠨ ᠳᠤᠯᠠᠭᠠᠴᠠᠭᠤᠷ᠂ | ᠴᠠᠬᠢᠯᠭᠠᠨ ᠢᠯᠢᠭᠦᠷ ᠢ ᠵᠥᠪ ᠬᠡᠷᠡᠭᠯᠡᠵᠦ᠂ ᠰᠢᠲᠠᠮᠠᠬᠠᠢ ᠪᠣᠳᠠᠰ ᠠᠴᠠ ᠵᠠᠶᠢᠳᠡᠭᠤ ᠲᠠᠯᠪᠢᠵᠣ᠂ ᠬᠥᠮᠦᠨ ᠭᠡᠷ ᠠᠴᠠ | ᠪᠠᠨ ᠭᠠᠷᠴᠣ ᠶᠠᠪᠤᠪᠡᠯ ᠴᠠᠬᠢᠯᠭᠠᠨ ᠢᠶᠠᠨ ᠲᠠᠰᠤᠯᠬᠤ ᠬᠡᠷᠡᠭᠲᠡᠢ᠃ | 4. ᠬᠡᠷ ᠲᠡᠭᠡᠨ᠂ ᠠᠰᠠᠷ ᠤᠨ ᠱᠠᠲᠤᠨ ᠤ ᠬᠤᠭᠤᠷᠣᠨᠳᠣ ᠴᠠᠬᠢᠯᠭᠠᠨ ᠬᠥᠳᠡᠯᠭᠡᠭᠦᠷᠲᠦ ᠳᠤᠭᠤᠶ ᠲᠡᠷᠭᠡ ᠪᠤᠶᠤ | ᠴᠠᠬᠢᠯᠭᠠᠨ ᠬᠤᠷᠢᠶᠠᠭᠤᠷ ᠴᠡᠨᠡᠭᠯᠡᠬᠦ ᠶᠢ ᠴᠢᠩᠭ᠎ᠠ ᠴᠠᠭᠠᠵᠠᠯᠠᠵᠤ᠂ ᠵᠢᠷᠤᠮᠵᠢᠯ ᠥᠬᠡᠶ ᠴᠠᠬᠢᠯᠭᠠᠨ ᠴᠡᠨᠡᠭᠯᠡᠯ ᠤᠨ ᠣᠶᠢᠯᠠ | ᠠᠵᠢᠯᠯᠠᠭ᠎ᠠ ᠠᠴᠠ ᠪᠣᠯᠵᠤ ᠭᠠᠯ ᠭᠠᠷᠴᠤ ᠳᠡᠯᠪᠡᠷᠡᠬᠦ ᠡ᠊ᠨᠳᠡᠯ ᠭᠠᠷᠬᠤ ᠠᠴᠠ ᠰᠡᠷᠭᠡᠶᠢᠯᠡᠬᠦ ᠬᠡᠷᠡᠭᠲᠡᠶ᠃ | ᠠᠮᠤᠷ ᠲᠦᠪᠰᠢᠨ ᠢᠶᠠᠷ ᠬᠡᠢ ᠬᠡᠷᠡᠭᠯᠡᠬᠦ ᠲᠣᠬᠠᠢ | 1. ᠬᠡᠦᠬᠡᠳ ᠢ ᠲᠣᠭᠤᠭᠠᠨ ᠭᠡᠷ ᠲᠤ ᠳᠤᠷ᠎ᠠ ᠪᠠᠷ ᠢᠶᠠᠨ ᠪᠠᠶᠢᠭᠠᠯᠢ ᠶᠢᠨ ᠰᠢᠲᠠᠮᠠᠬᠠᠢ ᠬᠡᠢ ᠶᠢᠨ ᠨᠡᠭᠡᠭᠡᠯᠭᠡ ᠶᠢ | ᠨᠠᠭᠠᠳᠴᠣ ᠪᠣᠯᠬᠤ ᠦᠭᠡᠢ ᠭᠡᠵᠦ ᠰᠠᠨᠠᠭᠤᠯᠬᠤ ᠭᠡᠷᠡᠭᠳᠡᠢ᠃ | 2. ᠬᠡᠢ ᠭᠡᠷᠡᠭᠯᠡᠬᠦ ᠳᠤ ᠬᠠᠵᠠᠭᠤᠨ ᠳᠤ ᠨᠢ ᠪᠠᠶᠢᠬᠤ ᠭᠡᠷᠡᠭᠳᠡᠢ᠂ ᠪᠤᠴᠠᠯᠤᠮ᠎ᠠ ᠬᠠᠯᠠᠭᠤᠨ ᠤᠰᠣ ᠪᠠᠷ ᠭᠠᠯ | ᠣᠨᠳᠡᠷᠡᠭᠠᠬᠤ ᠶᠢ ᠰᠡᠷᠭᠡᠶᠢᠯᠡᠵᠦ᠂ ᠪᠠᠶᠢᠭᠠᠯᠢ ᠶᠢᠨ ᠰᠢᠲᠠᠮᠠᠬᠠᠶ ᠬᠡᠢ ᠯᠡᠪᠡᠷᠡᠬᠦ ᠠᠴᠠ ᠰᠡᠷᠭᠡᠶᠢᠯᠡᠬᠦ ᠭᠡᠷᠡᠭᠳᠡᠢ᠃ | 3. ᠬᠠᠭᠤᠴᠢᠷᠠᠭᠰᠠᠨ ᠰᠢᠲᠠᠮᠠᠬᠠᠢ ᠬᠡᠢ ᠶᠢᠨ ᠵᠥᠭᠡᠯᠡᠨ ᠬᠤᠭᠤᠯᠠᠢ ᠶᠢ ᠴᠠᠭ ᠲᠤᠬᠠᠢ ᠳᠤ ᠨᠢ ᠰᠣᠯᠢᠵᠤ᠂ | ᠰᠤᠯᠠᠯᠷᠡᠵᠤ ᠤᠨᠠᠬᠤ ᠠᠴᠠ ᠪᠣᠯᠤᠭᠰᠠᠨ ᠰᠠᠨᠠᠭᠠᠨ ᠳᠤ ᠦᠭᠡᠢ ᠬᠡᠷᠡᠭ ᠭᠠᠷᠬᠤ ᠠᠴᠠ ᠰᠡᠷᠭᠡᠶᠢᠯᠡᠬᠦ ᠭᠡᠷᠡᠭᠳᠡᠢ᠃ | 4. ᠬᠡᠷᠡᠭᠯᠡᠵᠦ ᠪᠠᠷᠠᠭᠰᠠᠨ ᠰᠢᠲᠠᠮᠠᠬᠠᠢ ᠬᠡᠢ ᠪᠠ ᠤᠰᠤ ᠬᠠᠯᠠᠭᠠᠭᠤᠷ ᠤᠨ ᠨᠡᠭᠡᠭᠡᠯᠭᠡ ᠶᠢ ᠰᠠᠶᠢᠲᠤᠷ ᠬᠠᠭᠠᠵᠤ᠂ | ᠭᠠᠯ ᠢ ᠤᠨᠲᠠᠷᠠᠭᠠᠵᠤ᠂ ᠴᠠᠬᠢᠯᠭᠠᠨ ᠶᠢ ᠲᠠᠰᠣᠯᠬᠤ᠂ ᠰᠢᠲᠠᠮᠠᠬᠠᠢ ᠬᠡᠢ ᠶᠢ ᠬᠠᠭᠠᠬᠤ ᠶᠢ ᠰᠠᠶᠢᠳᠣᠷ ᠪᠡᠶᠡᠯᠡᠭᠦᠯᠬᠦ | ᠭᠡᠷᠡᠭᠳᠡᠢ᠃ | ᠡᠷᠡᠭᠦᠯ ᠬᠠᠮᠠᠭᠠᠯᠠᠯ ᠤᠨ ᠠᠮᠤᠷ ᠲᠦᠪᠰᠢᠨ ᠤ ᠲᠣᠬᠠᠢ | 1. ᠡᠷᠡᠭᠦᠯ ᠬᠠᠮᠠᠭᠠᠯᠠᠯ ᠪᠠ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠮᠡᠳᠡᠯᠭᠡ ᠶᠢ ᠠᠩᠬᠠᠷᠴᠤ᠂ | ᠠᠮᠢᠰᠬᠤᠯ ᠤᠨ ᠵᠠᠮ ᠵᠡᠷᠭᠡ ᠬᠠᠯᠳᠠᠪᠤᠷᠢᠲᠤ ᠡᠪᠡᠳᠴᠢᠨ ᠢ ᠤᠷᠢᠳᠴᠢᠯᠠᠨ ᠰᠡᠷᠭᠡᠶᠢᠯᠡᠵᠦ᠂ ᠥᠪᠡᠷ ᠢ ᠪᠠᠨ | ᠬᠠᠮᠠᠭᠠᠯᠠᠬᠤ ᠶᠢ ᠴᠢᠩᠭᠠᠳᠬᠠᠬᠤ ᠭᠡᠷᠡᠭᠳᠡᠢ᠃ | 2. ᠨᠠᠶᠢᠲᠠᠭᠠᠬᠤ᠂ ᠬᠠᠨᠢᠶᠠᠬᠤ᠂ ᠬᠠᠮᠠᠷ ᠢᠶᠠᠨ ᠴᠡᠪᠡᠷᠯᠡᠬᠦ ᠳᠤ ᠴᠠᠭᠠᠰᠤ ᠪᠠᠷ ᠪᠢᠳᠡᠬᠦᠮᠵᠢᠯᠡᠬᠦ ᠭᠡᠷᠡᠭᠳᠡᠢ᠃ | ᠬᠥᠮᠦᠨ ᠤᠯᠠᠨ ᠴᠣᠬᠯᠠᠷᠡᠬᠤ ᠭᠠᠵᠡᠷ ᠣᠷᠣᠨ ᠢᠶᠠᠷ ᠣᠴᠢᠬᠤ ᠦᠭᠡᠢ᠃ ᠦᠷᠭᠦᠯᠵᠢ ᠭᠠᠷ ᠢᠶᠠᠨ ᠤᠭᠢᠶᠠᠵᠤ᠂ | ᠦᠷᠭᠦᠯᠵᠢ ᠠᠷᠢᠭᠤᠳᠬᠠᠵᠤ᠂ ᠦᠷᠭᠦᠯᠵᠢ ᠰᠠᠯᠬᠢ ᠨᠡᠪᠲᠡᠷᠡᠭᠦᠯᠬᠦ ᠭᠡᠷᠡᠭᠳᠡᠢ᠃ | 3. ︽ᠭᠤᠷᠪᠠ ᠥᠬᠡᠶ︾ ᠢᠳᠡᠭᠡᠨ ᠢᠳᠡᠬᠦ ᠦᠭᠡᠢ᠂ ᠤᠬᠢᠶᠠᠵᠤ ᠴᠡᠪᠡᠷᠯᠡᠭᠡ ᠦᠭᠡᠢ ᠢᠳᠡᠭᠡᠨ ᠢ ᠢᠳᠡᠬᠦ ᠦᠭᠡᠢ | ᠂ ᠲᠦᠭᠦᠬᠡᠶ ᠤᠰᠤ ᠤᠤᠭᠤᠬᠤ ᠦᠭᠡᠢ᠂ ᠳᠠᠪᠤᠰᠤ ᠶᠡᠬᠡᠲᠡᠶ᠂ ᠰᠢᠬᠢᠷ ᠶᠡᠬᠡᠲᠡᠶ᠂ ᠰᠢᠷᠠᠮᠠᠯ ᠢᠳᠡᠭᠡᠨ ᠢ ᠳᠤᠲᠠᠭᠤ | ᠢᠳᠡᠬᠦ ᠭᠡᠷᠡᠭᠳᠡᠢ᠃ | 4. ᠪᠠᠺᠲ᠋ᠧᠷᠢᠳᠣ ᠴᠢᠨᠠᠷ᠂ ᠳᠠᠪᠤᠰᠤᠯᠠᠭᠰᠠᠨ ᠲᠥᠷᠥᠯ ᠤᠨ ᠢᠳᠡᠭᠡᠨ ᠳᠤ ᠬᠤᠣᠷᠳᠠᠬᠤ ᠠᠴᠠ ᠰᠡᠷᠭᠡᠶᠢᠯᠡᠵᠦ᠂ | ᠬᠤᠪᠢ ᠬᠥᠮᠥᠨ ᠤ ᠡᠷᠡᠭᠦᠯ ᠬᠠᠮᠠᠭᠠᠯᠠᠯ ᠢ ᠠᠩᠬᠠᠷᠴᠤ᠂ ᠬᠤᠭᠤᠯᠠ ᠠᠴᠠ ᠡᠮᠦᠨ᠎ᠡ ᠭᠠᠷ ᠢᠶᠠᠨ ᠤᠬᠢᠶᠠᠬᠤ ᠳᠠᠳᠬᠠᠯ ᠢ | ᠪᠣᠢ ᠪᠣᠯᠭᠠᠬᠤ ᠬᠡᠷᠡᠭᠲᠡᠢ᠃ ᠮᠢᠬ᠎ᠠ ᠬᠠᠷᠡᠰᠣ ᠢᠳᠡᠭᠡᠨ ᠢ ᠲᠡᠩᠴᠡᠷᠰᠢᠬᠦᠯᠬᠦ᠂ ᠰᠢᠷᠬᠡᠭᠯᠢᠭ ᠡᠳ᠋ ᠲᠠᠢ ᠰᠢᠨ᠎ᠡ ᠰᠣᠷᠭᠤᠭ | ᠨᠣᠭᠤᠭ᠎ᠠ᠂ ᠵᠢᠮᠢᠰ ᠵᠡᠷᠭᠡ ᠡᠷᠡᠬᠦᠯ ᠢᠳᠡᠭᠡᠨ ᠢ ᠢᠯᠡᠭᠦᠦ ᠢᠳᠡᠬᠦ ᠬᠡᠷᠡᠭᠲᠡᠢ᠃ | ᠠᠮᠤᠷ ᠲᠦᠪᠰᠢᠨ ᠵᠠᠮ ᠬᠠᠷᠢᠯᠴᠠᠭᠠᠨ ᠤ ᠲᠣᠬᠠᠢ | ᠡᠪᠦᠯ ᠤᠨ ᠤᠯᠠᠷᠢᠯ ᠳᠠᠬᠢ ᠴᠠᠰᠤ ᠰᠢᠭᠤᠷᠭᠠᠨ᠂ ᠬᠢᠷᠠᠭᠤ ᠵᠡᠷᠭᠡ ᠠᠭᠤᠷ ᠠᠮᠢᠰᠬᠤᠯ ᠨᠢ ᠵᠠᠮ ᠲᠡᠭᠡᠭᠡᠪᠦᠷᠢ ᠶᠢᠨ | ᠠᠮᠤᠷ ᠲᠦᠪᠰᠢᠨ ᠤ ᠲᠦᠭᠰᠢᠭᠦᠷᠢ ᠶᠢ ᠠᠶᠠᠨᠳᠡᠭᠠᠨ ᠨᠡᠮᠡᠭᠳᠡᠨ᠎ᠠ᠃ ᠪᠣᠷᠣᠭᠠᠨ᠂ ᠮᠠᠨᠠᠨ᠂ ᠬᠢᠷᠠᠭᠤ ᠵᠡᠷᠭᠡ ᠠᠭᠤᠷ | ᠠᠮᠢᠰᠬᠤᠯ ᠳᠤ ᠲᠣᠬᠢᠶᠠᠯᠳᠣᠪᠡᠯ ᠪᠣᠯᠭᠤᠮᠵᠢᠲᠠᠶ ᠪᠠᠷ ᠲᠡᠷᠭᠡ ᠪᠠᠷᠢᠵᠤ᠂ ᠵᠠᠮ ᠬᠠᠷᠢᠯᠴᠠᠭᠠᠨ ᠤ ᠲᠦᠷᠢᠮ ᠢ ᠴᠢᠩᠭ᠎ᠠ | ᠵᠢᠷᠤᠮᠯᠠᠵᠤ᠂ ᠬᠤᠭᠤᠷᠣᠨᠳᠣ ᠪᠠᠨ ᠪᠣᠯᠪᠠᠰᠤᠨ ᠢᠶᠠᠷ ᠵᠡᠮ ᠲᠠᠯᠪᠢᠵᠤ᠂ ᠠᠮᠤᠷ ᠲᠦᠪᠰᠢᠨ ᠢᠶᠠᠷ ᠭᠠᠳᠠᠭᠰᠢ ᠭᠠᠷᠬᠤ | ᠬᠡᠷᠡᠭᠲᠡᠶ᠃ ᠭᠠᠳᠠᠭᠰᠢ ᠭᠠᠷᠴᠤ ᠣᠯᠠᠨ ᠨᠡᠶᠢᠲᠡ ᠶᠢᠨ ᠵᠠᠮ ᠬᠠᠷᠢᠯᠴᠠᠭ᠎ᠠ ᠪᠠᠷ ᠶᠠᠪᠤᠵᠤ ᠰᠠᠭᠤᠬᠤ ᠳᠠᠭᠠᠨ᠂ ᠬᠠᠤᠯᠢ | ᠶᠣᠰᠣᠨ ᠤ ᠬᠢᠷᠢ ᠭᠡᠮ ᠲᠠᠢ ᠲᠡᠷᠭᠡ ᠬᠥᠰᠬᠡ ᠶᠢ ᠰᠣᠩᠭᠤᠵᠤ᠂ ︽ᠬᠠᠷ᠎ᠠ ᠲᠡᠷᠭᠡ︾ ᠠᠴᠠ ᠵᠠᠶᠢᠯᠡᠰᠬᠢᠬᠦ ᠬᠡᠷᠡᠭᠲᠡᠶ᠃ | ᠴᠠᠭ ᠠᠭᠤᠷ ᠤᠨ ᠤᠷᠢᠳᠴᠢᠯᠠᠭᠰᠠᠨ ᠮᠡᠳᠡᠭᠡ ᠵᠢᠴᠢ ᠪᠣᠷᠣᠭᠠᠨ ᠴᠠᠰᠤ ᠮᠥᠰᠥᠳᠡᠭᠰᠡᠨ᠂ ᠬᠦᠢᠲᠡᠨ ᠤᠷᠤᠰᠬᠠᠯ᠂ ᠶᠡᠭᠡ | ᠰᠠᠯᠬᠢ ᠵᠡᠷᠭᠡ ᠭᠠᠮᠰᠢᠭᠲᠤ ᠴᠠᠭ ᠠᠭᠤᠷ ᠤᠨ ᠤᠷᠢᠳᠴᠢᠯᠠᠨ ᠰᠡᠷᠡᠮᠵᠢᠯᠡᠭᠦᠯᠬᠦ ᠮᠡᠳᠡᠭᠡ ᠵᠠᠩᠭᠢ ᠶᠢ ᠨᠢᠭᠲᠠ ᠠᠩᠬᠠᠷᠬᠤ | ᠬᠡᠷᠡᠭᠲᠡᠶ᠃ | ᠠᠮᠣᠷ ᠲᠦᠪᠰᠢᠨ ᠢᠶᠠᠷ ᠭᠠᠯ ᠢ ᠰᠡᠷᠭᠡᠶᠢᠯᠡᠨ ᠣᠨᠳᠡᠷᠡᠭᠠᠬᠤ ᠲᠣᠬᠠᠢ | ᠭᠠᠯ ᠨᠣᠴᠣᠭᠠᠭᠤᠷ᠂ ᠴᠣᠶᠢᠳᠧᠩ᠂ ᠫᠤᠤᠵᠢᠩ᠂ ᠬᠤᠸᠠᠷ ᠫᠤᠤᠵᠢᠩ ᠵᠡᠷᠭᠡ ᠡᠳ᠋ ᠪᠣᠳᠠᠰ ᠠᠪᠴᠤ | ᠰᠤᠷᠭᠠᠭᠤᠯᠢ ᠶᠢᠨ ᠬᠦᠷᠢᠶᠡᠨ ᠳᠤ ᠣᠷᠣᠬᠤ ᠦᠭᠡᠢ᠂ ᠶᠠᠮᠠᠷᠪᠠ ᠭᠠᠵᠠᠷ ᠭᠡᠳ ᠭᠠᠯ ᠢᠶᠠᠷ ᠨᠠᠭᠠᠳᠴᠣ ᠪᠣᠯᠬᠤ ᠦᠭᠡᠢ᠃ | ᠭᠡᠷ ᠪᠦᠯᠢ ᠳᠤ ᠴᠢᠬᠤᠯᠠ ᠪᠦᠬᠦᠢ ᠰᠡᠷᠭᠡᠶᠢᠯᠡᠨ ᠬᠠᠮᠠᠭᠠᠯᠠᠬᠤ ᠪᠠᠭᠠᠵᠢ ᠬᠡᠷᠡᠭᠰᠡᠯ ᠲᠣᠬᠢᠷᠠᠭᠤᠯᠬᠤ ᠶᠢᠨ ᠬᠠᠮᠲᠤ ᠵᠥᠪ | ᠬᠡᠷᠡᠭᠯᠡᠬᠦ ᠠᠷᠭ᠎ᠠ ᠶᠢ ᠡᠵᠡᠮᠰᠢᠨ᠂ ᠠᠮᠢ ᠵᠢᠭᠤᠲᠠᠬᠤ ᠵᠠᠮ ᠱᠤᠭᠤᠮ ᠪᠣᠯᠤᠨ ᠡᠷᠭᠢᠨ ᠲᠣᠭᠤᠷᠢᠨ ᠤ ᠭᠠᠯ ᠤᠨᠲᠠᠷᠠᠭᠠᠬᠤ | ᠪᠠᠭᠠᠵᠢ ᠬᠡᠷᠡᠭᠰᠡᠯ ᠤᠨ ᠣᠷᠣᠨ ᠪᠠᠶᠢᠷᠢ ᠶᠢ ᠰᠠᠶᠢᠳᠣᠷ ᠡᠵᠡᠮᠳᠡᠵᠣ᠂ ᠴᠠᠭ ᠲᠤᠬᠠᠶ ᠳᠤᠨᠢ ᠪᠠᠶᠢᠴᠠᠭᠠᠨ᠂ ᠭᠠᠯ ᠤᠨ | ᠠᠶᠤᠯ ᠤᠨ ᠳᠠᠯᠳᠠ ᠭᠡᠮ ᠢ ᠠᠷᠢᠯᠭᠠᠨ᠂ ᠬᠡᠷᠪᠡ ᠭᠠᠯ ᠤᠨ ᠠᠶᠤᠯ ᠳᠤ ᠲᠣᠬᠢᠶᠠᠯᠳᠤᠪᠠᠯ ᠯᠠᠪᠳᠠᠭᠤᠨ ᠲᠣᠭᠲᠠᠭᠤᠨ᠂ | ᠳᠠᠷᠤᠶ ᠲᠦᠷᠭᠡᠨ ᠵᠥᠪ ᠣᠨᠣᠪᠴᠢᠲᠠᠶ ᠪᠠᠷ ᠠᠮᠢ ᠵᠢᠭᠤᠲᠠᠵᠣ᠂ ᠠᠮᠢ ᠵᠢᠭᠤᠲᠠᠬᠤ ᠶᠠᠪᠣᠴᠠ ᠳᠤ ᠪᠠᠨ ᠴᠠᠬᠢᠯᠭᠠᠨ | ᠱᠠᠲᠣᠨ ᠳᠤ ᠰᠠᠭᠤᠵᠣ ᠪᠣᠯᠬᠤ ᠦᠭᠡᠶ᠃ | ᠨᠡᠭᠦᠷᠡᠰᠦᠲᠦ᠋ᠷᠦᠭᠴᠢ ᠶᠢᠨ ᠳᠠᠩ ᠢᠰᠦᠯ ᠤᠨ ᠬᠤᠣᠷᠳᠠᠯᠭ᠎ᠠ ᠠᠴᠠ ᠰᠡᠷᠭᠡᠶᠢᠯᠡᠬᠦ ᠲᠣᠬᠠᠢ | ᠤᠰᠤ ᠬᠠᠯᠠᠭᠠᠭᠤᠷ ᠢ ᠵᠢᠷᠤᠮᠵᠢᠭᠤᠯᠤᠨ ᠬᠡᠷᠡᠭᠯᠡᠬᠦ᠄ | 1. ᠰᠢᠭᠤᠳ ᠭᠠᠳᠠᠭᠰᠢᠯᠠᠭᠤᠯᠬᠤ ᠬᠡᠯᠪᠡᠷᠢ ᠶᠢᠨ ᠰᠢᠲᠠᠮᠠᠬᠠᠶ ᠬᠡᠢ ᠶᠢᠨ ᠣᠰᠣ ᠬᠠᠯᠠᠭᠠᠭᠤᠷ ᠢ ᠬᠡᠷᠡᠭᠯᠡᠬᠦ ᠶᠢ | ᠴᠠᠭᠠᠵᠠᠯᠠᠬᠤ ᠭᠡᠷᠡᠭᠳᠡᠢ᠃ | 2. ᠰᠢᠲᠠᠬᠠᠮᠠᠢ ᠬᠡᠢ ᠶᠢᠨ ᠣᠰᠣ ᠬᠠᠯᠠᠭᠠᠭᠤᠷ ᠢ ᠤᠬᠢᠶᠠᠯᠭ᠎ᠠ ᠶᠢᠨ ᠭᠡᠷ᠂ ᠠᠮᠢᠳᠤᠷᠠᠯ ᠤᠨ ᠦᠷᠦᠭᠡᠨ ᠳᠤ | ᠤᠭᠰᠠᠷᠠᠵᠤ ᠪᠣᠯᠬᠤ ᠦᠭᠡᠢ᠃ | 3. ᠤᠯᠤᠰ ᠠᠴᠠ ᠰᠢᠲᠠᠮᠠᠬᠠᠶ ᠬᠡᠢ ᠶᠢᠨ ᠣᠰᠣ ᠬᠠᠯᠠᠭᠠᠭᠤᠷ ᠤᠨ ᠬᠡᠷᠡᠭᠯᠡᠬᠦ ᠵᠢᠯ ᠬᠤᠭᠤᠴᠠᠭ᠎ᠠ ᠶᠢ 8 ᠵᠢᠯ | ᠪᠣᠯᠭᠠᠬᠤ ᠪᠠᠷ ᠲᠣᠭᠲᠠᠭᠠᠵᠤ᠂ ᠲᠣᠭᠲᠠᠮᠠᠯ ᠬᠤᠭᠤᠴᠠᠭ᠎ᠠ ᠲᠠᠢ ᠪᠠᠷ ᠰᠣᠯᠢᠬᠤ ᠭᠡᠷᠡᠭᠳᠡᠢ᠃ | 4. ᠤᠰᠤ ᠬᠠᠯᠠᠭᠠᠭᠤᠷ ᠤᠨ ᠬᠤᠯᠠᠩ ᠤᠨ ᠪᠦᠷᠢᠨ ᠪᠦᠲᠦᠨ ᠪᠠᠶᠢᠬᠤ ᠶᠢ ᠪᠠᠲᠤᠯᠠᠵᠤ᠂ ᠰᠢᠭᠤᠳ | ᠨᠡᠪᠲᠡᠷᠡᠬᠦ ᠶᠢᠨ ᠬᠠᠮᠲᠤ ᠭᠡᠷ ᠤᠨ ᠭᠠᠳᠠᠨ᠎ᠠ ᠭᠠᠳᠠᠭᠰᠢᠯᠠᠭᠤᠯᠬᠤ ᠭᠡᠷᠡᠭᠳᠡᠢ᠃ | 5. ᠲᠤᠰᠬᠠᠶ ᠮᠡᠷᠭᠡᠵᠢᠯ ᠤᠨ ᠬᠥᠮᠦᠰ ᠢᠶᠠᠷ ᠤᠰᠤ ᠬᠠᠯᠠᠭᠠᠭᠤᠷ ᠢ ᠤᠭᠰᠠᠷᠠᠭᠤᠯᠬᠤ ᠬᠡᠷᠡᠭᠲᠡᠶ᠂ ᠤᠰᠤ | ᠬᠠᠯᠠᠭᠠᠭᠤᠷ ᠢ ᠳᠤᠷ᠎ᠠ ᠪᠠᠷ ᠢᠶᠠᠨ ᠵᠠᠳᠠᠯᠵᠤ ᠤᠭᠰᠠᠷᠠᠬᠤ ᠪᠣᠶᠣ ᠥᠭᠡᠷᠡᠴᠢᠯᠡᠨ ᠤᠭᠰᠠᠷᠠᠵᠤ ᠪᠣᠯᠬᠤ ᠦᠭᠡᠢ᠃ | ᠲᠩᠷᠢ ᠬᠦᠢᠲᠡᠨ ᠦᠶᠡᠰ ᠪᠡᠶ᠎ᠡ ᠪᠠᠨ ᠤᠬᠢᠶᠠᠬᠤ ᠳᠤ ᠡᠭᠦᠳᠡ ᠴᠣᠩᠬᠤ ᠪᠠᠷ ᠵᠢᠪᠠᠷ ᠨᠡᠪᠲᠡᠷᠡᠭᠦᠯᠬᠦ ᠶᠢ ᠠᠩᠬᠠᠷᠬᠤ | ᠭᠡᠷᠡᠭᠳᠡᠢ᠄ | ᠡᠪᠦᠯ ᠬᠥᠮᠦᠰ ᠪᠡᠶ᠎ᠡ ᠤᠬᠢᠶᠠᠬᠤ ᠦᠶ᠎ᠡ ᠳᠤ᠂ ᠳᠤᠯᠠᠭᠠᠨ ᠢ ᠪᠠᠳᠣᠯᠠᠬᠤ ᠶᠢᠨ ᠲᠦᠯᠣᠭᠡ ᠤᠬᠢᠶᠠᠯᠭ᠎ᠠ ᠶᠢᠨ | ᠲᠠᠰᠤᠭ ᠤᠨ ᠡᠭᠦᠳᠡ ᠴᠣᠩᠬᠤ ᠶᠢ ᠨᠢᠭᠲᠠ ᠪᠢᠲᠡᠭᠦᠮᠵᠢᠯᠡᠪᠡᠯ᠂ ᠭᠡᠷ ᠳᠣᠲᠣᠷᠠᠬᠢ ᠬᠦᠴᠢᠯᠲᠦ᠋ᠷᠦᠭᠴᠢ ᠨᠢ | ᠠᠭᠠᠵᠢᠮ ᠢᠶᠠᠷ ᠪᠠᠭᠠᠰᠴᠤ᠂ ᠨᠡᠭᠦᠷᠡᠰᠦᠲᠥ᠋ᠷᠥᠭᠴᠢ ᠶᠢᠨ ᠳᠠᠩ ᠢᠰᠦᠯ ᠳᠤ ᠬᠤᠣᠷᠳᠡᠬᠳᠡᠬᠤ ᠠᠶᠣᠯᠳᠡᠢ ᠶᠣᠮ᠃ | ᠡᠶᠢᠮᠣ ᠠᠴᠠ ᠡᠪᠦᠯ ᠪᠡᠶ᠎ᠡ ᠤᠬᠢᠶᠠᠬᠤ ᠳᠤ ᠪᠠᠨ ᠡᠭᠦᠳᠡ ᠴᠣᠩᠬᠤ ᠪᠠᠷ ᠵᠢᠪᠠᠷ ᠨᠡᠪᠲᠡᠷᠡᠭᠦᠯᠬᠦ ᠭᠡᠷᠡᠭᠳᠡᠢ᠃ | ᠭᠤᠯᠭᠤᠬᠤ ᠠᠴᠠ ᠰᠡᠷᠭᠡᠶᠢᠯᠡᠬᠦ᠂ ᠦᠨᠳᠣᠷ ᠲᠡᠭᠡᠷ᠎ᠡ ᠠᠴᠠ ᠶᠠᠭᠤᠮ᠎ᠠ ᠣᠨᠠᠬᠤ ᠶᠢ ᠰᠡᠷᠭᠡᠶᠢᠯᠡᠬᠦ᠂ | ᠤᠰᠤᠨ ᠳᠤ ᠴᠠᠴᠠᠬᠤ ᠶᠢ ᠰᠡᠷᠭᠡᠶᠢᠯᠡᠬᠦ᠂ ᠣᠶᠢᠴᠢᠬᠤ ᠠᠴᠠ ᠰᠡᠷᠭᠡᠶᠢᠯᠡᠬᠦ ᠭᠡᠷᠡᠭᠳᠡᠢ | 1. ᠡᠪᠦᠯ ᠤᠨ ᠤᠯᠠᠷᠢᠯ ᠳᠤ ᠭᠠᠳᠠᠭᠰᠢ ᠭᠠᠷᠬᠤ ᠳᠤ ᠠᠯᠢ ᠴᠢᠳᠠᠬᠤ ᠪᠠᠷ ᠬᠠᠯᠲᠤᠷᠢᠬᠤ ᠠᠴᠠ ᠰᠡᠷᠭᠡᠶᠢᠯᠡᠬᠦ ᠱᠠᠬᠠᠶ | ᠡᠮᠦᠰᠴᠦ᠂ ᠬᠦᠪᠦᠮᠡᠯ ᠮᠥᠰᠥ ᠠᠴᠠ ᠵᠠᠶᠢᠯᠠᠰᠬᠢᠵᠦ᠂ ᠭᠤᠯᠭᠤᠵᠦ ᠤᠨᠠᠭᠠᠬᠤ ᠪᠣᠯᠤᠯᠴᠠᠭ᠎ᠠ ᠶᠢ ᠪᠠᠭᠠᠰᠬᠠᠬᠤ ᠭᠡᠷᠡᠭᠳᠡᠢ᠃ | ᠠᠯᠢ ᠴᠢᠳᠠᠬᠤ ᠪᠠᠷ ᠶᠠᠪᠠᠭᠠᠨ ᠶᠠᠪᠤᠬᠤ ᠪᠤᠶᠤ ᠨᠡᠶᠢᠲᠡ ᠶᠢᠨ ᠵᠠᠮ ᠬᠠᠷᠢᠯᠴᠠᠭ᠎ᠠ ᠶᠢ ᠰᠤᠩᠭᠤᠵᠤ ᠶᠠᠪᠤᠬᠤ ᠭᠡᠷᠡᠭᠳᠡᠢ᠃ | 2. ᠬᠡᠷᠪᠡ ᠪᠣᠷᠣᠭᠠᠨ ᠴᠠᠰᠤ ᠨᠡᠯᠢᠶᠡᠳ ᠶᠡᠭᠡ ᠪᠣᠯ ᠮᠣᠳᠣ᠂ ᠵᠠᠷ ᠮᠡᠳᠡᠭᠡ ᠶᠢᠨ ᠫᠠᠶᠢᠰᠠ᠂ ᠭᠡᠷ ᠤᠨ ᠣᠷᠣᠢ | ᠳᠠᠬᠢ ᠮᠦᠰᠣ ᠴᠠᠰᠣ ᠮᠥᠰᠥᠲᠦᠯᠭᠡ ᠶᠢᠨ ᠬᠡᠰᠡᠭ ᠵᠡᠷᠭᠡ ᠦᠨᠳᠣᠷ ᠲᠡᠭᠡᠷ᠎ᠡ ᠠᠴᠠ ᠬᠡᠨᠡᠳᠳᠡ ᠤᠨᠠᠵᠤ ᠢᠷᠡᠬᠦ | ᠠᠶᠤᠯ ᠲᠠᠢ᠂ ᠡᠶᠢᠮᠣ ᠠᠴᠠ ᠰᠡᠷᠡᠮᠵᠢᠯᠡᠯ ᠲᠠᠢ ᠪᠠᠶᠢᠵᠣ ᠲᠣᠭᠤᠷᠢᠵᠤ ᠶᠠᠪᠤᠬᠤ ᠭᠡᠷᠡᠭᠳᠡᠢ᠃ | 3. ᠡᠪᠦᠯ ᠤᠨ ᠤᠯᠠᠷᠢᠯ ᠳᠤ ᠤᠰᠤᠨ ᠣᠷᠣᠨ ᠳᠤ ᠮᠥᠰᠥ ᠬᠥᠯᠳᠡᠵᠦ ᠬᠠᠯᠲᠤᠷᠢᠬᠤ ᠪᠣᠶᠣ ᠠᠮᠠᠷᠬᠠᠨ | ᠴᠦᠮᠣᠷᠡᠬᠦ ᠠᠶᠣᠯ ᠲᠠᠢ᠂ ᠮᠥᠰᠥᠨ ᠬᠦᠨᠳᠡᠢ ᠳᠤ ᠤᠨᠠᠬᠤ ᠳᠤ ᠭᠦᠷᠪᠡᠯ᠂ ᠠᠪᠤᠷᠠᠬᠤ ᠳᠤ ᠮᠠᠰᠢ ᠬᠦᠴᠢᠷᠲᠡᠶ᠃ | ᠳᠤᠷ᠎ᠠ ᠪᠠᠷ ᠢᠶᠠᠨ ᠮᠦᠰᠣᠨ ᠳᠤ ᠴᠠᠨᠠᠯᠠᠬᠤ᠂ ᠴᠠᠰᠤᠨ ᠳᠤ ᠭᠤᠯᠭᠤᠬᠤ᠂ ᠤᠰᠣᠨ ᠳᠤ ᠲᠣᠭᠯᠠᠵᠣ ᠪᠣᠯᠬᠤ ᠦᠭᠡᠢ᠃ | 4. ᠬᠡᠷ ᠤᠨ ᠴᠣᠩᠬᠤᠨ ᠳᠤ ᠬᠠᠮᠠᠭᠠᠯᠠᠯᠲᠠ ᠶᠢᠨ ᠬᠡᠷᠡᠰᠬᠡ ᠤᠭᠰᠠᠷᠠᠵᠤ᠂ ᠬᠡᠤᠬᠡᠳ ᠢ ᠶᠡᠭᠡ ᠬᠥᠮᠦᠨ ᠬᠠᠷᠠᠵᠤ | ᠬᠠᠮᠢᠶᠠᠷᠬᠤ ᠥᠬᠡᠶ ᠪᠠᠶᠢᠳᠠᠯ ᠳᠣᠤᠷ᠎ᠠ ᠲᠤᠰᠠᠭᠠᠷ ᠨᠠᠷᠠᠪᠴᠢ᠂ ᠴᠣᠩᠬᠤ ᠶᠢᠨ ᠬᠠᠵᠠᠭᠤ ᠪᠠᠷ ᠨᠠᠭᠠᠳᠴᠤ ᠲᠣᠭᠯᠠᠭᠤᠯᠵᠤ | ᠪᠣᠯᠬᠤ ᠥᠬᠡᠶ᠃ ᠳᠡᠭᠡᠳᠦ ᠳᠠᠪᠬᠤᠷᠭ᠎ᠠ ᠶᠢᠨ ᠰᠠᠭᠤᠭᠠᠯᠢ ᠠᠷᠠᠳ ᠴᠣᠩᠬᠤ ᠪᠠᠨ ᠵᠦᠯᠭᠦᠵᠦ ᠴᠡᠪᠡᠷᠯᠡᠬᠦ ᠳᠤ ᠠᠯᠢ | ᠴᠢᠳᠠᠬᠤ ᠪᠠᠷ ᠵᠢᠩᠬᠢᠨᠢ ᠺᠣᠮᠫᠠᠨᠢ ᠶᠢᠨ ᠲᠤᠰᠬᠠᠶ ᠮᠡᠷᠭᠡᠵᠢᠯ ᠤᠨ ᠴᠡᠪᠡᠷᠯᠡᠭᠴᠢ ᠶᠢ ᠡᠷᠢᠬᠦ ᠬᠡᠷᠡᠭᠲᠡᠶ᠃ ᠠᠵᠢᠯᠯᠠᠬᠤ | ᠶᠠᠪᠣᠴᠠ ᠳᠠᠭᠠᠨ ᠬᠢᠬᠦ ᠳᠡᠭᠡᠨ ᠠᠶᠤᠯ ᠦᠭᠡᠶ ᠳᠡᠭᠡᠰᠦ ᠶᠢ ᠰᠠᠶᠢᠲᠤᠷ ᠤᠶᠠᠬᠤ ᠮᠥᠷᠲᠡᠭᠡᠨ ᠠᠶᠤᠯ ᠦᠭᠡᠶ ᠳᠡᠭᠡᠰᠦ ᠶᠢ | ᠲᠡᠭᠦᠯᠳᠡᠷ ᠰᠠᠶᠢᠬᠠᠨ ᠲᠣᠭᠲᠠᠭᠠᠬᠤ ᠬᠡᠷᠡᠭᠲᠡᠶ᠂ ᠠᠷᠢᠬᠢ ᠤᠤᠭᠤᠭᠰᠠᠨ ᠤ ᠳᠠᠷᠠᠭ᠎ᠠ ᠠᠵᠢᠯᠯᠠᠵᠤ ᠪᠣᠯᠬᠤ ᠦᠭᠡᠶ᠃ | ᠭᠢᠰᠬᠢᠯᠲᠡ ᠠᠴᠠ ᠰᠡᠷᠭᠡᠶᠢᠯᠡᠬᠦ ᠲᠣᠬᠠᠢ | ᠬᠥᠮᠥᠰ ᠣᠯᠡᠨ ᠴᠣᠬᠯᠠᠷᠡᠵᠣ ᠰᠢᠬᠠᠯᠳᠣᠵᠣ ᠪᠠᠶᠢᠭ᠎ᠠ ᠦᠶᠠᠰ ᠰᠣᠬᠤᠷ ᠪᠠᠯᠠᠢ ᠪᠠᠷ ᠭᠦᠶᠦᠵᠦ ᠪᠣᠯᠬᠤ ᠦᠭᠡᠢ | ᠪᠥᠭᠡᠳ ᠣᠶᠢᠴᠢᠬᠤ ᠠᠴᠠ ᠪᠣᠯᠭᠤᠮᠵᠢᠯᠠᠵᠤ᠂ ᠰᠦᠷᠭᠡᠦ ᠢᠶᠠᠷ ᠶᠠᠪᠣᠵᠣ ᠪᠣᠯᠬᠤ ᠦᠭᠡᠢ᠃ ᠡᠮᠦᠨ᠎ᠡ ᠲᠠᠯ᠎ᠠ ᠶᠢᠨ | ᠬᠥᠮᠥᠨ ᠭᠡᠨᠡᠳᠲᠡ ᠣᠶᠢᠴᠢᠵᠤ ᠤᠨᠠᠭᠰᠠᠨ ᠢ ᠦᠵᠡᠪᠡᠯ ᠳᠣᠣᠷ᠎ᠠ ᠪᠠᠨ ᠵᠣᠭᠰᠣᠵᠤ᠂ ᠬᠤᠶᠢᠨᠠᠬᠢ ᠬᠥᠮᠥᠰ ᠲᠡᠭᠡᠨ | ᠰᠠᠷᠡᠮᠵᠢᠯᠠᠬᠦᠯᠬᠦ ᠭᠡᠷᠡᠭᠳᠡᠢ᠃ ᠠᠬᠤᠢ ᠲᠠᠯᠠᠪᠡᠢ ᠳᠤ ᠣᠶᠢᠴᠢᠪᠠᠯ᠂ ᠥᠪᠡᠷ ᠢ ᠪᠠᠨ ᠠᠪᠤᠷᠠᠬᠤ ᠶᠢ ᠪᠠᠲᠤ ᠴᠡᠭᠡᠵᠢᠯᠡᠬᠦ | ᠭᠡᠷᠡᠭᠳᠡᠢ᠄ ᠦᠳᠳᠡᠷ ᠲᠦᠷᠭᠡᠨ ᠬᠠᠵᠠᠭᠤ ᠪᠠᠷ ᠢᠶᠠᠨ ᠬᠡᠪᠲᠡᠵᠦ᠂ ᠬᠤᠶᠠᠷ ᠭᠠᠷ ᠢᠶᠠᠷ ᠢᠶᠠᠨ ᠬᠦᠵᠦᠭᠦᠦ ᠪᠣᠯᠣᠨ | ᠲᠣᠯᠣᠭᠠᠢ ᠪᠠᠨ ᠬᠠᠮᠠᠭᠠᠯᠠᠨ᠂ ᠬᠦᠯ ᠢᠶᠠᠨ ᠬᠤᠮᠢᠨ ᠪᠦᠬᠦ ᠪᠡᠶ᠎ᠡ ᠪᠠᠨ ᠠᠳᠣᠷᠢᠭᠤᠯᠵᠤ ᠪᠦᠮᠪᠦᠬᠡᠯᠢᠭ ᠬᠡᠯᠪᠡᠷᠢ ᠪᠠᠷ | ᠬᠡᠪᠳᠡᠬᠦ ᠭᠡᠷᠡᠭᠳᠡᠢ᠃ |