11 ᠰᠠᠷ᠎ᠠ ᠶᠢᠨ 10 ᠤ ᠡᠳᠦᠷ᠂ ᠷᠠᠰᠢᠶᠠᠨ ᠤ 2024 — 2025 ᠤᠨ ᠤ ᠮᠦᠰᠦ ᠴᠠᠰᠦᠨ ᠤ | ᠤᠯᠠᠷᠢᠯ ᠵᠢᠴᠢ ᠠᠷᠪᠠ ᠶᠢᠰᠦᠳᠦᠬᠡᠷ ᠬᠤᠭᠤᠴᠠᠭᠠᠨ ᠤ ᠮᠦᠰᠦ ᠴᠠᠰᠦᠨ ᠤ ᠨᠠᠶᠢᠷ ᠡᠬᠢᠯᠡᠵᠦ᠂ ᠪᠦᠬᠦ ᠤᠯᠤᠰ ᠤᠨ ᠡᠯ᠎ᠡ | ᠭᠠᠵᠠᠷ ᠤᠨ ᠵᠢᠭᠤᠯᠴᠢᠯᠠᠬᠴᠢᠳ ᠷᠠᠰᠢᠶᠠᠨ ᠬᠤᠳᠠ ᠶᠢᠨ ᠦᠪᠡᠷᠮᠢᠴᠡ ᠤᠨᠴᠠᠯᠢᠬᠳᠦ ᠮᠦᠰᠦ ᠴᠠᠰᠦᠨ ᠤ ᠰᠤᠶᠤᠯ ᠪᠠ | ᠪᠠᠶᠢᠭᠠᠯᠢ ᠶᠢᠨ ᠦᠡᠭᠭᠡ ᠦᠵᠡᠮᠵᠢ ᠶᠢ ᠪᠡᠶᠡᠴᠢᠯᠡᠨ ᠤᠶᠢᠯᠠᠭᠠᠯ᠎ᠠ᠃ | ᠵᠢᠭᠤᠯᠴᠢᠯᠠᠬᠴᠢᠳ ᠷᠠᠰᠢᠶᠠᠨ ᠤ ᠤᠯᠤᠰ ᠤᠨ ᠲᠡᠰ ᠤᠨ ᠤᠢ ᠰᠢᠭᠤᠢ ᠶᠢᠨ ᠴᠡᠴᠡᠷᠯᠢᠭ ᠤᠨ ᠦᠵᠡᠮᠵᠢ ᠶᠢᠨ | ᠤᠷᠤᠨ ᠤ ᠡᠬᠦᠳᠡᠨ ᠡᠮᠦᠨ᠎ᠠ ᠰᠡᠬᠦᠳᠡᠷ ᠲᠠᠳᠠᠨ ᠲᠤᠷᠠᠰᠬᠠᠯ ᠦᠯᠡᠳᠡᠬᠡᠵᠦ᠂ ᠪᠠᠰᠠ ᠦᠢᠯᠡᠴᠢᠯᠡᠬᠡᠨ ᠤ ᠲᠦᠪ ᠤᠨ | ᠭᠠᠯᠳᠤ ᠠᠭᠤᠯᠠ ᠶᠢᠨ ᠰᠤᠳᠤᠯᠤᠨ ᠰᠤᠷᠤᠯᠴᠠᠬᠤ ᠤᠷᠳᠤᠨ ᠤ ᠭᠠᠯᠳᠤ ᠠᠭᠤᠯᠠ ᠶᠢᠨ ᠰᠦᠷᠦᠭᠵᠢᠯ ᠤᠨ ᠪᠦᠷᠢᠯᠳᠦᠯ᠂ | ᠬᠤᠪᠢᠷᠠᠯᠳᠠ ᠵᠢᠴᠢ ᠲᠤᠬᠠᠢ ᠶᠢᠨ ᠭᠠᠵᠠᠷ ᠤᠨ ᠠᠮᠢ ᠠᠬᠤᠢ ᠶᠢᠨ ᠤᠷᠴᠢᠨ ᠲᠤᠭᠤᠷᠢᠨ ᠳᠤ ᠦᠵᠡᠬᠦᠯᠦᠭᠰᠡᠨ | ᠨᠦᠯᠦᠬᠡ ᠶᠢ ᠨᠠᠷᠢᠨ ᠬᠢᠨᠠᠮᠠᠭᠠᠢ ᠤᠶᠢᠯᠠᠭᠠᠵᠦ ᠪᠠᠶᠢᠯ᠎ᠠ᠃ | ᠨᠡᠷᠡᠳᠤ ᠬᠠᠯᠠᠭᠤᠨ ᠷᠠᠰᠢᠶᠠᠨ ᠤ ᠨᠢᠬᠡ ᠪᠤᠯᠤᠬᠰᠠᠨ ᠶᠢᠨ ᠵᠢᠶᠠᠩ ᠭᠸᠤ ᠬᠠᠯᠠᠭᠤᠨ ᠷᠠᠰᠢᠶᠠᠨ ᠭᠠᠵᠠᠷ | ᠰᠢᠨᠵᠢᠯᠡᠬᠡᠨ ᠤ ᠦᠪᠡᠷᠮᠢᠴᠡ ᠤᠨᠴᠠᠯᠢᠭ ᠪᠠ ᠡᠷᠦᠳᠡᠰᠦ ᠶᠢᠨ ᠪᠠᠶᠠᠯᠢᠭ ᠠᠭᠤᠯᠤᠬᠳᠠᠴᠠ ᠲᠠᠢ ᠪᠠᠶᠢᠬᠤ ᠪᠠᠷ ᠢᠶᠠᠨ | ᠠᠯᠳᠠᠷᠰᠢᠵᠠᠢ᠃ | ᠡᠨᠡ ᠵᠢᠯ᠂ ᠷᠠᠰᠢᠶᠠᠨ ᠬᠤᠳᠠ ︽ᠠᠶᠠᠯᠭᠤᠳᠤ ᠵᠢᠭᠤᠯᠴᠢᠯᠠᠯ ᠦᠪᠦᠷ ᠮᠤᠩᠭᠤᠯ ᠪᠠᠶᠠᠷ ᠪᠠᠶᠠᠰᠤᠯᠳᠤ ᠮᠦᠰᠦ | ᠴᠠᠰᠦᠨ ᠤ ᠤᠯᠠᠷᠢᠯ︾ ᠬᠡᠬᠦ ᠪᠠᠷ ᠭᠤᠤᠯ ᠰᠡᠳᠦᠪ ᠪᠤᠯᠭᠠᠵᠦ᠂ ︽ᠮᠦᠰᠦ ᠴᠠᠰᠦ +︾ ᠶᠢᠨ ᠬᠦᠭᠵᠢᠯᠳᠡ ᠲᠠᠢ | ᠤᠶᠠᠯᠳᠤᠭᠤᠯᠤᠨ᠂ ᠲᠤᠮᠳᠠᠳᠤ ᠤᠯᠤᠰ ᠤᠨ ᠴᠠᠰᠦᠳᠤ ᠭᠠᠵᠠᠷ ᠤᠨ ᠬᠦᠯ ᠪᠦᠮᠪᠦᠭᠡ ᠶᠢᠨ ᠬᠤᠯᠪᠤᠭᠠᠳᠤ ᠤᠷᠤᠯᠳᠤᠭᠠᠨ | ᠵᠡᠷᠭᠡ ᠤᠷᠤᠯᠳᠤᠭᠠᠨ ᠮᠦᠷᠦ᠋ᠴᠡᠭᠡᠨ ᠢ 4 ᠲᠤᠬᠢᠷᠠᠭᠤᠯᠵᠦ᠂ ᠬᠠᠯᠠᠭᠤᠨ ᠷᠠᠰᠢᠶᠠᠨ᠂ ᠪᠡᠶ᠎ᠡ ᠰᠤᠪᠢᠯᠠᠬᠤ᠂ ᠰᠤᠳᠤᠯᠤᠨ | ᠰᠤᠷᠤᠯᠴᠠᠬᠤ᠂ ᠲᠤᠭᠤᠷᠢᠨ ᠦᠵᠡᠬᠦ ᠵᠡᠷᠭᠡ ᠰᠤᠶᠤᠯ ᠵᠢᠭᠤᠯᠴᠢᠯᠠᠯ ᠪᠡᠶ᠎ᠡ ᠶᠢᠨ ᠲᠠᠮᠢᠷ ᠤᠨ ᠠᠵᠢᠯᠯᠠᠭ᠎ᠠ ᠶᠢ 150 | ᠲᠦᠷᠦᠯ ᠪᠠᠭᠳᠠᠭᠠᠵᠠᠢ᠃ ᠷᠠᠰᠢᠶᠠᠨ ᠬᠤᠳᠠ ᠨᠢ ᠬᠦᠮᠦᠰ ᠤᠨ ᠡᠪᠦᠯ ᠤᠨ ᠤᠯᠠᠷᠢᠯ ᠤᠨ ᠵᠢᠭᠤᠯᠴᠢᠯᠠᠯ ᠤᠨ ᠬᠠᠷᠠᠯᠳᠠᠳᠤ | ᠤᠷᠤᠨ ᠪᠤᠯᠤᠬᠰᠠᠨ ᠪᠠᠶᠢᠨ᠎ᠠ᠃ ︵ᠵᠠᠩ ᠪᠦ᠋ ᠷᠤᠤ︶ |