| ᠲᠤᠯᠠᠭᠠᠯᠠᠭ᠎ᠠ ᠶᠢᠨ ᠤᠰᠤ ᠬᠠᠩᠭᠠᠬᠤ ᠬᠤᠭᠤᠯᠠᠶ ᠨᠢ ᠬᠠᠯᠠᠭᠤᠨ᠂ ᠤᠰᠤ ᠪᠤᠴᠠᠯᠳᠠ ᠶᠢᠨ ᠬᠤᠭᠤᠯᠠᠶ ᠨᠢ | ᠬᠠᠯᠠᠭᠤᠨ ᠥᠬᠡᠶ ᠪᠠᠶᠢᠬᠤ ᠶᠢᠨ ᠦᠨᠳᠦᠰᠦᠨ ᠰᠢᠯᠲᠠᠭᠠᠨ ᠨᠢ ᠬᠠᠯᠠᠭᠤᠨ ᠤᠰᠤᠨ ᠤ ᠬᠤᠭᠤᠯᠠᠶ ᠳᠣᠲᠣᠷᠠᠬᠢ | ᠤᠰᠤᠨ ᠤ ᠡᠷᠭᠢᠯᠲᠡ ᠨᠢ ᠰᠠᠭᠠᠳ ᠤᠴᠠᠷᠠᠭᠰᠠᠨ ᠲᠠᠢ ᠬᠤᠯᠪᠤᠭ᠎ᠠ ᠲᠠᠢ ᠪᠠᠶᠢᠳᠠᠭ᠂ ᠳᠤᠯᠠᠭᠠᠯᠠᠭ᠎ᠠ ᠶᠢᠨ ᠤᠰᠤᠨ ᠤ | ᠡᠷᠭᠢᠯᠲᠡ ᠨᠢ ᠭᠤᠤᠯᠳᠠᠭᠤ ᠲᠤᠤᠷᠠᠬᠢ ᠭᠤᠷᠪᠠᠨ ᠵᠦᠢᠯ ᠠᠴᠠ ᠪᠣᠯᠵᠤ ᠰᠠᠭᠠᠳ ᠤᠴᠠᠷᠠᠳᠠᠭ᠄ ᠨᠢᠭᠡ ᠳᠤ | ᠬᠤᠭᠤᠯᠠᠶ ᠳᠤ ᠬᠡᠶ ᠤᠷᠤᠵᠤ᠂ ᠬᠠᠯᠠᠭᠤᠨ ᠤᠰᠤᠨ ᠤ ᠡᠷᠭᠢᠯᠲᠡ ᠶᠢ ᠨᠥᠯᠥᠭᠡᠯᠡᠨ᠎ᠡ︔ ᠬᠤᠶᠠᠷ ᠲᠤ ᠤᠰᠤᠨ ᠤ | ᠬᠤᠭᠤᠯᠠᠶ ᠳᠤ ᠬᠤᠭ ᠨᠤᠪᠰᠢ ᠤᠷᠤᠭᠰᠠᠨ ᠠᠴᠠ ᠲᠦᠭᠵᠢᠷᠡᠯ ᠡᠬᠦᠰᠭᠡᠵᠤ᠂ ᠬᠠᠯᠠᠭᠤᠨ ᠤᠰᠤᠨ ᠤ ᠡᠷᠭᠢᠯᠲᠡ ᠶᠢ | ᠨᠥᠯᠥᠭᠡᠯᠡᠨ᠎ᠡ︔ ᠭᠤᠷᠪᠠ ᠳᠤ ᠳᠤᠯᠠᠭᠠᠯᠠᠭ᠎ᠠ ᠶᠢᠨ ᠤᠰᠤ ᠪᠠ ᠪᠤᠴᠠᠯᠲᠠ ᠶᠢᠨ ᠤᠰᠤᠨ ᠤ ᠬᠤᠭᠤᠷᠣᠨᠳᠣᠬᠢ | ᠳᠠᠷᠤᠯᠲᠠ ᠶᠢᠨ ᠵᠥᠷᠢᠶ᠎ᠡ ᠬᠡᠳᠦᠷᠬᠡᠢ ᠪᠠᠭ᠎ᠠ ᠠᠴᠠ ᠪᠤᠯᠵᠤ᠂ ᠤᠰᠤ ᠬᠡᠪ ᠤᠨ ᠡᠷᠭᠢᠯᠲᠡ ᠪᠠᠨ ᠠᠯᠳᠠᠬᠰᠠᠨ ᠲᠠᠢ | ᠬᠤᠯᠪᠤᠭ᠎ᠠ ᠲᠠᠢ ᠪᠠᠶᠢᠳᠠᠭ᠃ | ᠬᠤᠭᠤᠯᠠᠶ ᠳᠤ ᠬᠡᠶ ᠤᠷᠤᠪᠠᠯ ᠬᠠᠯᠠᠭᠤᠨ ᠤᠰᠤᠨ ᠤ ᠡᠷᠭᠢᠯᠲᠡ ᠶᠢ ᠨᠥᠯᠥᠭᠡᠯᠡᠵᠦ᠂ ᠤᠰᠤ ᠪᠤᠴᠠᠯᠳᠠ ᠶᠢᠨ | ᠬᠤᠭᠤᠯᠠᠶ ᠬᠠᠯᠠᠬᠤ ᠥᠬᠡᠶ᠃ | 1. ᠬᠤᠭᠤᠯᠠᠶ ᠳᠣᠲᠣᠷ᠎ᠠ ᠬᠡᠶ ᠤᠷᠤᠭᠰᠠᠨ ᠠᠴᠠ ᠬᠤᠭᠤᠯᠠᠶ ᠳᠣᠲᠣᠷᠠᠬᠢ ᠪᠤᠴᠠᠯᠲᠠ ᠶᠢᠨ ᠤᠰᠤ ᠬᠡᠪ ᠤᠨ | ᠡᠷᠭᠢᠯᠳᠡ ᠪᠠᠨ ᠠᠯᠳᠠᠵᠤ᠂ ᠡᠭᠦᠨ ᠤ ᠤᠯᠠᠮ ᠠᠴᠠ ᠳᠤᠯᠠᠭᠠᠯᠠᠮᠵᠢ ᠶᠢ ᠬᠠᠯᠠᠭᠠᠬᠤ ᠥᠬᠡᠶ ᠪᠣᠯᠭᠠᠳᠠᠭ᠂ ᠡᠨᠡ ᠨᠢ | ᠴᠥᠮ ᠳᠤᠯᠠᠭᠠᠯᠠᠮᠵᠢ ᠬᠠᠩᠭᠠᠬᠤ ᠡᠬᠢᠨ ᠤ ᠦᠶ᠎ᠡ ᠳᠠᠷᠤᠶ ᠰᠠᠶ᠋ᠢᠬᠠᠨ ᠳᠤᠯᠠᠭᠠᠯᠠᠭ᠎ᠠ ᠬᠠᠩᠭᠠᠵᠤ ᠡᠬᠢᠯᠡᠭᠰᠡᠨ ᠲᠡᠷᠡ | ᠬᠡᠰᠡᠭ ᠬᠤᠭᠤᠴᠠᠭᠠᠨ ᠳᠤ ᠢᠯᠡᠷᠡᠳᠡᠭ ᠪᠦᠭᠡᠳ ᠮᠠᠰᠢ ᠲᠦᠭᠡᠮᠡᠯ ᠤᠷᠤᠰᠢᠳᠠᠭ᠃ | 2. ᠬᠤᠭᠤᠯᠠᠶ ᠳᠣᠲᠣᠷᠠᠬᠢ ᠬᠡᠢ ᠨᠢ ᠬᠤᠭᠤᠯᠠᠶ ᠳᠣᠲᠣᠷᠠᠬᠢ ᠪᠤᠴᠠᠯᠲᠠ ᠶᠢᠨ ᠤᠰᠤ ᠶᠢ ᠬᠡᠪ ᠤᠨ ᠣᠷᠴᠢᠯ ᠤᠨ | ᠠᠷᠭ᠎ᠠ ᠪᠠᠷ ᠰᠢᠢᠳᠪᠦᠷᠢᠯᠡᠵᠦ ᠴᠢᠳᠠᠬᠤ ᠦᠭᠡᠢ ᠪᠣᠯᠭᠠᠨ᠎ᠠ᠄ ᠬᠡᠷᠪᠡ ᠭᠠᠵᠠᠷ ᠲᠤᠯᠠᠭᠠᠯᠠᠭ᠎ᠠ ᠪᠤᠶᠤ ᠳᠤᠯᠠᠭᠠᠯᠠᠭ᠎ᠠ ᠶᠢᠨ | ᠪᠤᠴᠠᠯᠲᠠ ᠶᠢᠨ ᠤᠰᠤ ᠨᠢ ᠬᠠᠯᠠᠭᠤᠨ ᠦᠭᠡᠢ ᠪᠣᠯ ᠬᠡᠢ ᠶᠢ ᠨᠢ ᠭᠠᠳᠠᠭᠰᠢᠯᠠᠭᠤᠯᠵᠤ ᠪᠣᠯᠤᠨ᠎ᠠ᠂ ᠳᠤᠯᠠᠭᠠᠯᠠᠮᠵᠢ ᠶᠢᠨ | ᠢᠯᠲᠠᠰᠤ ᠪᠤᠶᠤ ᠭᠠᠵᠠᠷ ᠳᠤᠯᠠᠭᠠᠯᠠᠭ᠎ᠠ ᠶᠢᠨ ᠤᠰᠤ ᠰᠠᠯᠭᠠᠬᠤ ᠮᠠᠰᠢᠨ ᠤ ᠳᠡᠭᠡᠷ᠎ᠡ ᠪᠦᠷ ᠬᠡᠢ ᠭᠠᠳᠠᠭᠰᠢᠯᠠᠭᠤᠯᠬᠤ | ᠨᠡᠭᠡᠭᠡᠯᠭᠡ ᠲᠠᠢ᠂ ᠪᠢᠳᠡ ᠥᠪᠡᠷ ᠢᠶᠠᠨ ᠬᠡᠢ ᠭᠠᠷᠭᠠᠬᠤ ᠨᠡᠭᠡᠭᠡᠯᠭᠡ ᠶᠢ ᠨᠡᠭᠡᠭᠡᠵᠦ ᠬᠡᠢ ᠭᠠᠳᠠᠭᠰᠢᠯᠠᠭᠤᠯᠵᠤ ᠪᠣᠯᠤᠨ᠎ᠠ᠂ | ᠡᠬᠦᠨ ᠳᠤ ᠤᠰᠤ ᠭᠠᠷᠴᠦ ᠭᠡᠢ ᠦᠭᠡᠢ ᠪᠤᠯᠳᠠᠯ᠎ᠠ ᠨᠢ ᠭᠠᠳᠠᠭᠰᠢᠯᠠᠭᠤᠯᠵᠤ ᠪᠣᠯᠤᠨ᠎ᠠ᠃ | 3. ᠬᠡᠷᠪᠡ ᠬᠡᠷ ᠤᠨ ᠭᠤᠤᠯ ᠬᠤᠭᠤᠯᠠᠢ ᠨᠢ ᠬᠠᠯᠠᠭᠤᠨ ᠥᠬᠡᠶ ᠪᠠᠶᠢᠪᠠᠯ ᠳᠤᠯᠠᠭᠠᠯᠠᠬᠤ ᠰᠢᠰᠲ᠋ᠧᠮ ᠤᠨ | ᠰᠡᠭᠦᠯ ᠤᠨ ᠬᠡᠰᠡᠭ ᠲᠤ ᠪᠦᠷ ᠠᠦ᠋ᠲ᠋ᠣ᠋ ᠬᠡᠶ ᠭᠠᠷᠭᠠᠬᠤ ᠨᠡᠭᠡᠭᠡᠯᠭᠡ ᠤᠭᠰᠠᠷᠠᠵᠤ᠂ ᠠᠦ᠋ᠲ᠋ᠣ᠋ ᠬᠡᠶ ᠭᠠᠷᠭᠠᠬᠤ ᠨᠡᠭᠡᠭᠡᠯᠭᠡ | ᠬᠡᠶ ᠭᠠᠷᠭᠠᠬᠤ ᠥᠬᠡᠶ ᠪᠠᠶᠢᠪᠠᠯ ᠬᠡᠢ ᠭᠠᠷᠭᠠᠬᠤ ᠨᠡᠭᠡᠭᠡᠯᠭᠡ ᠶᠢ ᠭᠠᠷ ᠢᠶᠠᠷ ᠢᠶᠠᠨ ᠮᠤᠰᠬᠢᠵᠤ ᠭᠠᠳᠠᠭᠰᠢᠯᠠᠭᠤᠯᠬᠤ | ᠭᠡᠷᠡᠭᠳᠡᠢ᠃ | ᠤᠰᠤᠨ ᠤ ᠬᠤᠭᠤᠯᠠᠶ ᠳᠤ ᠶᠠᠭᠤᠮ᠎ᠠ ᠤᠷᠤᠬᠰᠠᠨ ᠠᠴᠠ ᠲᠦᠭᠵᠢᠷᠡᠯ ᠡᠬᠦᠰᠭᠡᠵᠤ᠂ ᠬᠠᠯᠠᠭᠤᠨ ᠤᠰᠤᠨ ᠤ | ᠡᠷᠭᠢᠯᠲᠡ ᠶᠢ ᠨᠥᠯᠥᠭᠡᠯᠡᠨ᠎ᠡ | 1. ᠬᠡᠷᠪᠡ ᠤᠰᠤᠨ ᠤ ᠬᠤᠭᠤᠯᠠᠶ ᠳᠤ ᠬᠤᠭ ᠨᠤᠪᠰᠢ ᠪᠠᠶᠢᠪᠠᠯ ᠬᠠᠯᠠᠭᠤᠨ ᠤᠰᠤᠨ ᠤ ᠡᠷᠭᠢᠯᠲᠡ ᠶᠢ | ᠨᠥᠯᠥᠭᠡᠯᠡᠵᠤ᠂ ᠤᠰᠤ ᠪᠤᠴᠠᠯᠳᠠ ᠶᠢᠨ ᠬᠤᠭᠤᠯᠠᠶ ᠬᠠᠯᠠᠬᠤ ᠦᠭᠡᠢ ᠪᠤᠯᠳᠠᠭ᠂ ᠡᠨᠡ ᠦᠶᠡᠰ ᠪᠢᠳᠡ ᠤᠰᠤᠨ ᠤ | ᠬᠤᠭᠤᠯᠠᠶ ᠶᠢ ᠴᠡᠪᠡᠷᠯᠡᠬᠦ ᠬᠡᠷᠡᠭᠲᠡᠢ᠃ | 2. ᠬᠡᠷᠪᠡ ᠳᠤᠯᠠᠭᠠᠯᠠᠮᠵᠢ ᠶᠢᠨ ᠢᠯᠲᠠᠰᠤ ᠪᠣᠯ ᠪᠢᠳᠡ ᠥᠪᠡᠷᠲᠡᠭᠡᠨ ᠴᠡᠪᠡᠷᠯᠡᠵᠤ ᠪᠣᠯᠤᠨ᠎ᠠ᠃ ᠠᠷᠭ᠎ᠠ ᠨᠢ ᠮᠠᠰᠢ | ᠳᠥᠭᠦᠮᠬᠡᠨ᠂ ᠪᠢᠳᠡ ᠤᠷᠢᠤᠨ ᠢᠶᠠᠷ ᠬᠤᠭᠤᠯᠠᠶ ᠳᠣᠲᠣᠷᠠᠬᠢ ᠳᠤᠯᠠᠭᠠᠯᠠᠮᠵᠢ ᠶᠢᠨ ᠤᠰᠤ ᠬᠠᠩᠭᠠᠬᠤ ᠨᠡᠭᠡᠭᠡᠯᠭᠡ ᠶᠢ | ᠬᠠᠭᠠᠵᠤ᠂ ᠳᠠᠷᠠᠭ᠎ᠠ ᠨᠢ ᠵᠣᠷᠯᠣᠩ ᠤᠨ ᠳᠤᠯᠠᠭᠠᠯᠠᠮᠵᠢ ᠶᠢᠨ ᠢᠯᠲᠠᠰᠤ ᠳᠡᠭᠡᠷᠡᠬᠢ ᠪᠦᠭᠯᠡᠭᠡ ᠶᠢ ᠰᠠᠯᠭᠠᠵᠤ᠂ ᠤᠰᠤ | ᠭᠠᠳᠠᠭᠰᠢᠯᠠᠭᠤᠯᠬᠤ ᠭᠤᠤᠷᠰᠤ ᠶᠢ ᠵᠠᠯᠭᠠᠭᠰᠠᠨ ᠤ ᠳᠠᠷᠠᠭ᠎ᠠ᠂ ᠤᠰᠤ ᠬᠠᠩᠭᠠᠬᠤ ᠨᠡᠭᠡᠭᠡᠯᠭᠡ ᠶᠢ ᠨᠡᠭᠡᠭᠡᠵᠦ᠂ ᠴᠡᠪᠡᠷ | ᠤᠰᠤ ᠪᠣᠯᠲᠠᠯ᠎ᠠ ᠨᠢ ᠤᠰᠤ ᠭᠠᠷᠭᠠᠵᠤ᠂ ᠳᠠᠬᠢᠨ ᠪᠥᠭᠯᠡᠭᠡ ᠶᠢ ᠤᠭᠰᠠᠷᠠᠵᠤ᠂ ᠪᠣᠶ ᠪᠥᠬᠦᠶ ᠨᠡᠭᠡᠭᠡᠯᠭᠡ ᠶᠢ ᠨᠡᠭᠡᠭᠡᠪᠡᠯ | ᠪᠣᠯᠴᠢᠬᠠᠨ᠎ᠠ᠃ | 3. ᠭᠠᠵᠠᠷ ᠳᠤᠯᠠᠭᠠᠯᠠᠭ᠎ᠠ ᠪᠣᠯ ᠥᠪᠡᠷ ᠲᠡᠭᠡᠨ ᠤᠬᠢᠶᠠᠵᠤ ᠴᠡᠪᠡᠷᠯᠡᠬᠦ ᠶᠢᠨ ᠠᠷᠭ᠎ᠠ ᠥᠬᠡᠢ᠂ ᠲᠤᠰᠬᠠᠶ ᠭᠠᠵᠠᠷ | ᠳᠤᠯᠠᠭᠠᠯᠠᠭ᠎ᠠ ᠤᠬᠢᠶᠠᠬᠴᠢ ᠶᠢ ᠡᠷᠢᠵᠦ ᠤᠬᠢᠶᠠᠯᠭᠠᠨ᠎ᠠ᠃ ᠭᠠᠵᠠᠷ ᠳᠤᠯᠠᠭᠠᠯᠠᠭ᠎ᠠ ᠶᠢ ᠲᠠᠪᠤᠨ ᠵᠢᠯ ᠠᠴᠠ ᠳᠡᠭᠡᠭᠰᠢ | ᠬᠡᠷᠡᠭᠯᠡᠪᠡᠯ ᠨᠢᠭᠡ ᠤᠳᠠᠭ᠎ᠠ ᠲᠦᠢᠯᠪᠤᠷᠢᠲᠠᠶ ᠤᠬᠢᠶᠠᠨ ᠴᠡᠪᠡᠷᠯᠡᠬᠦ ᠴᠢᠬᠤᠯᠠᠳᠠᠢ᠃ | ᠳᠤᠯᠠᠭᠠᠯᠠᠭ᠎ᠠ ᠬᠠᠩᠭᠠᠬᠤ ᠤᠰᠤ ᠪᠣᠯᠤᠨ ᠪᠤᠴᠠᠯᠲᠠ ᠶᠢᠨ ᠤᠰᠤᠨ ᠤ ᠬᠤᠭᠤᠷᠣᠨᠳᠣᠬᠢ ᠳᠠᠷᠤᠯᠲᠠ ᠶᠢᠨ | ᠵᠥᠷᠢᠶ᠎ᠡ ᠬᠡᠲᠦᠷᠬᠡᠶ ᠪᠠᠭ᠎ᠠ ᠠᠴᠠ ᠪᠤᠯᠵᠤ ᠤᠰᠤ ᠬᠡᠪ ᠤᠨ ᠡᠷᠭᠢᠯᠳᠡ ᠪᠠᠨ ᠠᠯᠳᠠᠳᠠᠭ᠃ | 1. ᠬᠡᠷᠪᠡ ᠳᠤᠯᠠᠭᠠᠯᠠᠭ᠎ᠠ ᠬᠠᠩᠭᠠᠬᠤ ᠤᠰᠤ ᠪᠣᠯᠤᠨ ᠪᠤᠴᠠᠯᠲᠠ ᠶᠢᠨ ᠤᠰᠤᠨ ᠤ ᠬᠤᠭᠤᠷᠣᠨᠳᠣᠬᠢ | ᠳᠠᠷᠤᠯᠲᠠ ᠶᠢᠨ ᠵᠥᠷᠢᠶ᠎ᠡ ᠬᠡᠲᠦᠷᠬᠡᠶ ᠪᠠᠭ᠎ᠠ ᠠᠴᠠ ᠪᠤᠯᠵᠤ ᠤᠰᠤ ᠬᠡᠪ ᠤᠨ ᠪᠠᠶᠢᠳᠠᠯ ᠢᠶᠠᠷ ᠡᠷᠭᠢᠯᠳᠦᠬᠦ ᠥᠬᠡᠶ ᠪᠣᠯᠵᠣ᠂ | ᠪᠤᠴᠠᠯᠲᠠ ᠶᠢᠨ ᠬᠤᠭᠤᠯᠠᠶ ᠬᠠᠯᠠᠬᠤ ᠦᠬᠡᠢ ᠪᠤᠯᠳᠠᠭ᠂ ᠡᠨᠡ ᠨᠢ ᠨᠢᠭᠡ ᠠᠶᠢᠯ ᠬᠡᠷ ᠲᠤ ᠪᠢᠰᠢ᠂ ᠮᠠᠰᠢ ᠣᠯᠠᠨ ᠬᠡᠷ | ᠪᠦᠯᠢ ᠳᠤ ᠲᠤᠬᠢᠶᠠᠯᠳᠤᠳᠠᠭ ᠠᠰᠠᠭᠤᠳᠠᠯ᠃ | 2. ᠬᠡᠷᠪᠡ ᠥᠪᠡᠷ ᠢᠶᠠᠨ ᠬᠢᠭᠰᠡᠨ ᠳᠤᠯᠠᠭᠠᠯᠠᠭ᠎ᠠ ᠪᠣᠯ ᠪᠢᠳᠡ ᠡᠷᠭᠢᠯᠲᠡ ᠶᠢᠨ ᠬᠥᠭᠡᠷᠭᠡ ᠶᠢᠨ ᠳᠠᠷᠤᠯᠲᠠ ᠶᠢᠨ | ᠵᠥᠷᠢᠶ᠎ᠡ ᠶᠢᠨ ᠲᠣᠬᠢᠷᠠᠭᠤᠯᠤᠯᠲᠠ ᠶᠢ ᠦᠵᠡᠵᠦ ᠪᠣᠯᠤᠨ᠎ᠠ᠂ ᠤᠰᠤ ᠬᠠᠩᠭᠠᠬᠤ ᠪᠠ ᠪᠤᠴᠠᠯᠲᠠ ᠶᠢᠨ ᠤᠰᠤᠨ ᠤ | ᠬᠤᠭᠤᠷᠣᠨᠳᠣᠬᠢ ᠳᠠᠷᠤᠯᠲᠠ ᠶᠢᠨ ᠵᠥᠷᠢᠶ᠎ᠡ ᠶᠢᠨ ᠬᠠᠮᠤᠭ ᠤᠨ ᠵᠣᠬᠢᠰᠲᠠᠶ ᠬᠡᠮᠵᠢᠭᠳᠡᠯ ᠨᠢ 0.15 MPa ᠪᠣᠯᠤᠨ᠎ᠠ᠃ | | 3. ᠬᠡᠷᠪᠡ ᠲᠥᠪᠯᠡᠷᠡᠭᠦᠯᠦᠨ ᠲᠤᠯᠠᠭᠠᠯᠠᠭ᠎ᠠ ᠬᠠᠩᠭᠠᠵᠤ ᠪᠠᠶᠢᠪᠠᠯ ᠦᠪᠡᠷ ᠲᠡᠭᠡᠨ ᠰᠢᠢᠳᠪᠦᠷᠢᠯᠡᠬᠦ ᠠᠷᠭ᠎ᠠ ᠥᠬᠡᠶ | ᠶᠤᠮ᠂ ᠡᠬᠦᠨ ᠳᠤ ᠪᠢᠳᠡ ᠠᠳᠠᠯ ᠠᠬᠤᠶ ᠶᠢᠨ ᠺᠣᠮᠫᠠᠨᠢ ᠶᠢ ᠡᠷᠢᠵᠦ ᠢᠯᠴᠢ ᠶᠢᠨ ᠬᠦᠴᠦᠨ ᠤ ᠵᠢᠵᠢᠭ ᠬᠡᠷ ᠳᠣᠲᠣᠷᠠᠬᠢ | ᠤᠰᠤᠨ ᠤ ᠳᠠᠷᠤᠯᠲᠠ ᠶᠢᠨ ᠵᠥᠷᠢᠶ᠎ᠡ ᠶᠢ ᠦᠵᠡᠭᠦᠯᠵᠦ ᠪᠣᠯᠤᠨ᠎ᠠ᠂ ᠬᠡᠷᠪᠡ ᠳᠠᠷᠤᠯᠲᠠ ᠶᠢᠨ ᠵᠥᠷᠢᠶ᠎ᠡ ᠨᠢ | ᠱᠠᠭᠠᠷᠳᠠᠯᠭ᠎ᠠ ᠳᠤ ᠨᠡᠶᠢᠴᠡᠬᠦ ᠥᠬᠡᠶ ᠪᠣᠯ ᠳᠠᠷᠤᠯᠲᠠ ᠶᠢ ᠲᠣᠬᠢᠷᠠᠭᠤᠯᠬᠤ ᠨᠡᠭᠡᠭᠡᠯᠭᠡ ᠶᠢ ᠲᠣᠬᠢᠷᠠᠭᠤᠯᠵᠤ᠂ ᠬᠠᠩᠭᠠᠬᠤ | ᠤᠰᠤᠨ ᠤ ᠳᠠᠷᠤᠯᠲᠠ ᠶᠢᠨ ᠵᠥᠷᠢᠶ᠎ᠡ ᠶᠢ ᠲᠣᠬᠢᠷᠠᠭᠤᠯᠬᠤ ᠭᠡᠷᠡᠭᠳᠡᠢ᠃ ︵︽ᠦᠪᠤᠷ ᠮᠤᠩᠭᠤᠯ ᠤᠨ ᠡᠳᠦᠷ ᠤᠨ | ᠰᠤᠨᠢᠨ︾ ᠠᠴᠠ ᠰᠢᠯᠵᠢᠭᠦᠯᠪᠡ︶ | |