ᠤᠮᠠᠷᠠᠳᠦ ᠬᠢᠯᠢ ᠶᠢᠨ ᠬᠠᠮᠤᠬ ᠤᠨ ᠭᠤᠶᠤ ︽ᠤᠢ ᠰᠢᠭᠤᠢ ᠶᠢᠨ ᠬᠠᠮᠠᠭᠠᠯᠠᠭᠴᠢ︾
ᠨᠡᠶᠢᠲᠡᠯᠡᠭᠰᠡᠨ ᠴᠠᠭ᠄
2024/1/3
     ᠶᠡᠭᠡ ᠴᠠᠰᠤᠨ ᠤ ᠳᠠᠷᠠᠭ᠎ᠠ᠂ ᠶᠡᠭᠡ ᠭᠢᠨᠭ᠍ᠭᠠᠨ ᠳᠠᠪᠠᠭ᠎ᠠ ᠶᠢᠨ ᠰᠢᠭᠤᠶᠢᠳᠦ ᠤᠷᠤᠨ ᠮᠦᠰᠦ ᠴᠠᠰᠤᠨ ᠳᠤ ᠬᠤᠴᠢᠬᠳᠠᠵᠦ ᠂ ᠨᠠᠷᠠᠨ ᠤ ᠭᠡᠷᠡᠯ ᠳᠤ ᠨᠢᠳᠦ ᠬᠢᠯᠠᠯᠵᠠᠮ᠎ᠠ ᠮᠦᠡᠭᠬᠦᠨ ᠦᠡᠭᠭᠡ ᠰᠠᠴᠤᠷᠠᠨ᠎ᠠ᠃      ᠭᠡᠳᠦ᠋ᠢᠪᠡᠷ ᠷᠠᠰᠢᠶᠠᠨ ᠬᠤᠳᠠ ᠶᠢᠨ ᠡᠪᠤᠯ ᠤᠨ ᠤᠯᠠᠷᠢᠯ ︽ᠳᠤᠮᠤᠬᠳᠦ ᠵᠢᠷᠳᠢᠨᠴᠦ︾ ᠮᠡᠳᠦ ᠭᠤᠶᠢᠳᠠ ᠰᠠᠶᠢᠬᠠᠨ᠂ ᠬᠦᠮᠦᠰ ᠤᠨ ᠪᠠᠭ᠋ᠠᠷᠬᠠᠯ ᠢ ᠳᠡᠳᠡᠵᠦ ᠪᠠᠶᠢᠪᠠᠴᠦ᠂ ᠲᠡᠭ ᠠᠴᠠ ᠳᠣᠷᠣᠭᠰᠢ 30 ᠭᠠᠷᠤᠢ ᠭᠷᠠᠳᠦ᠋ᠰ ᠤᠨ ᠠᠭᠠᠷ ᠤᠨ ᠳᠤᠯᠠᠭᠠᠨ᠂ ᠵᠤᠪ ᠵᠤᠵᠠᠭᠠᠬᠠᠨ ᠬᠤᠷᠠᠮᠠᠯ ᠴᠠᠰᠦ ᠨᠢ ᠳᠤᠬᠠᠢ ᠶᠢᠨ ᠭᠠᠵᠠᠷ ᠤᠨ ᠰᠠᠭᠤᠭᠠᠯᠢ ᠠᠷᠠᠳ ᠤᠨ ᠦᠢᠯᠡᠳᠪᠦᠷᠢᠯᠡᠯ ᠠᠮᠢᠳᠤᠷᠠᠯ᠂ ᠤᠢ ᠰᠢᠭᠤᠢ ᠶᠢᠨ ᠴᠠᠬᠳᠠᠭ᠎ᠠ ᠶᠢᠨ ᠠᠵᠢᠯ ᠵᠡᠷᠭᠡ ᠳᠤ ᠲᠦᠢᠯ ᠤᠨ ᠶᠡᠭᠡ ᠬᠦᠴᠢᠷ ᠪᠡᠷᠭᠡᠰᠢᠶᠡᠯ ᠠᠪᠴᠢᠷᠠᠵᠦ ᠦᠭᠬᠦᠭᠰᠡᠨ ᠪᠠᠶᠢᠯ᠎ᠠ᠃      ︽ᠦᠨᠦᠳᠦᠷ ᠴᠠᠰᠦ ᠤᠷᠤᠬᠰᠠᠨ ᠪᠤᠯᠬᠤᠷ ᠤᠯᠠᠨ ᠢᠶᠠᠷ ᠢᠶᠠᠨ ᠬᠤᠪᠴᠠᠰᠦ ᠪᠠᠨ ᠵᠤᠵᠠᠭᠠᠯᠠ᠂ ᠳᠤᠭᠤᠷᠢᠨ ᠴᠠᠬᠳᠠᠬᠤ ᠳᠠᠭᠠᠨ ᠭᠤᠯᠭᠤᠬᠤ ᠠᠴᠠ ᠬᠢᠴᠢᠶᠡᠭᠡᠷᠡᠢ︾ ᠭᠡᠵᠦ ᠠᠶᠢᠮᠠᠭ ᠤᠨ ᠳᠣᠲᠣᠭᠠᠳᠤ ᠶᠢ ᠬᠠᠮᠠᠭᠠᠯᠠᠬᠤ ᠲᠣᠪᠴᠶ᠊ ᠡᠶ᠎ᠡ ᠶᠢᠨ ᠦ᠋ ᠴᠠ ᠭᠸᠤ ᠤᠢ ᠰᠢᠭᠤᠢ ᠶᠢᠨ ᠳᠣᠲᠣᠭᠠᠳᠤ ᠶᠢ ᠬᠠᠮᠠᠭᠠᠯᠠᠬᠤ ᠬᠤᠪᠢᠶᠠᠷᠢ ᠲᠣᠪᠴᠶᠶ᠎ᠠ ᠶᠢᠨ ᠮᠢᠩ ᠱᠦᠢ ᠡᡁᠤ ᠲᠣᠮᠢᠯᠠᠭᠰᠠᠨ ᠰᠠᠯᠪᠤᠷᠢ ᠶᠢᠨ ᠠᠬᠠᠮᠠᠳ ᠴᠠᠭᠳᠠᠭ᠎ᠠ ᠴᠧᠨ ᠭᠦᠸᠧ ᠫᠢᠩ ᠤᠯᠠᠨ ᠢ ᠰᠠᠨᠠᠭᠤᠯᠤᠨ᠎ᠠ᠃ ᠲᠡᠷᠡ ᠡᠮᠦᠰᠴᠦ ᠵᠡᠬᠦᠬᠦ ᠪᠠᠨ ᠵᠤᠵᠠᠭᠠᠯᠠᠵᠦ᠂ ᠪᠡᠶ᠎ᠡ ᠳᠡᠭᠡᠨ ᠠᠪᠴᠤ ᠶᠠᠪᠤᠬᠤ ᠴᠢᠬᠤᠯᠠᠳᠠᠢ ᠵᠡᠪᠰᠡᠭ ᠲᠤᠨᠤᠬᠯᠠᠯ ᠢᠶᠠᠨ ᠪᠦᠷᠢᠳᠭᠡᠨ᠂ ᠢᠳᠡᠭᠡᠨ ᠤᠮᠳᠠᠭᠠᠨ ᠢᠶᠠᠨ ᠭᠦᠢᠴᠡᠳ ᠪᠡᠯᠡᠳᠭᠡᠵᠦ᠂ ᠬᠠᠮᠲᠤ ᠠᠵᠢᠯᠯᠠᠭᠰᠠᠳ ᠢᠶᠠᠨ ᠳᠠᠭᠠᠭᠤᠯᠤᠨ ᠴᠠᠰᠤ ᠰᠢᠭᠤᠷᠭ᠎ᠠ ᠶᠢ ᠰᠦᠷᠤᠨ ᠠᠭᠤᠯᠠ ᠶᠢ ᠲᠣᠭᠤᠷᠢᠨ ᠴᠠᠭᠳᠠᠬᠤ ᠪᠠᠷ ᠮᠤᠷᠳᠠᠯ᠎ᠠ᠃      ᠳᠡᠳᠡ ᠰᠢᠭᠤᠢ ᠶᠢᠨ ᠳᠤᠮᠳᠠᠭᠤᠷ ᠭᠠᠯ ᠤᠨ ᠭᠠᠮᠰᠢᠭ ᠤᠨ ᠬᠡᠮ ᠰᠣᠭᠤᠭ ᠢ ᠨᠠᠷᠢᠨ ᠪᠠᠶᠢᠴᠠᠭᠠᠬᠤ᠂ ᠬᠤᠯᠠᠭᠠᠶᠢᠯᠠᠨ ᠠᠡᠭ ᠠᠩᠨᠠᠬᠰᠠᠳ ᠤᠨ ᠪᠤᠳᠠ ᠰᠥᠭᠡᠭ ᠤᠨ ᠳᠤᠮᠳᠠ ᠳᠠᠯᠪᠢᠬᠰᠠᠨ ᠤᠷᠠᠬ᠎ᠠ ᠬᠠᠪᠬ᠎ᠠ ᠶᠢ ᠢᠯᠡᠷᠡᠬᠦᠯᠤᠨ ᠬᠤᠷᠢᠶᠠᠬᠤ ᠁ ᠵᠡᠷᠭᠡ ᠠᠵᠢᠯ ᠢ ᠬᠢᠵᠦ ᠭᠡᠳᠦ ᠭᠡᠳᠦᠨ ᠠᠭᠤᠯᠠ ᠳᠠᠪᠠᠭ᠎ᠠ ᠶᠢ ᠳᠤᠭᠤᠯᠤᠨ ᠶᠠᠪᠤᠨ᠎ᠠ᠃      ᠮᠢᠩ ᠱᠦᠢ ᠾᠧ ᠲᠣᠮᠢᠯᠠᠭᠰᠠᠨ ᠰᠠᠯᠪᠤᠷᠢ ᠶᠢᠨ ᠳᠠᠷᠤᠭ᠎ᠠ ᠠᠨ ᠴᠠᠩ ᠱᠧᠩ᠄ ︽ᠳᠤᠭᠤᠷᠢᠨ ᠴᠠᠬᠳᠠᠬᠤ ᠳᠠᠭᠠᠨ ᠮᠦᠰᠦ ᠴᠠᠰᠦ ᠠᠷᠢᠯᠭᠠᠬᠤ ᠪᠠᠭᠠᠵᠢ ᠭᠡᠷᠡᠭᠰᠡᠯ ᠢᠶᠠᠨ ᠪᠠᠶ᠎ᠡ ᠳᠡᠭᠡᠨ ᠠᠪᠴᠤ ᠶᠠᠪᠤᠨ᠂ ᠭᠤᠤ ᠭᠠᠨᠭ᠍ᠭ᠎ᠠ ᠶᠢ ᠠᠯᠳᠠᠯ ᠦᠭᠡᠢ ᠨᠠᠷᠢᠨ ᠬᠢᠨᠠᠮᠠᠭᠠᠢ ᠪᠠᠶᠢᠴᠠᠭᠠᠨ᠂ ᠬᠠᠤᠯᠢ ᠪᠤᠰᠦ ᠪᠠᠷ ᠠᠩᠨᠠᠬᠤ ᠪᠠ ᠤᠷᠭᠤᠮᠠᠯ ᠬᠤᠴᠢᠯᠭ᠎ᠠ ᠶᠢ ᠡᠪᠳᠡᠵᠦ ᠪᠠᠶᠢᠭ᠎ᠠ ᠡᠳᠡᠭᠡᠳ ᠲᠤ ᠦᠴᠦᠭᠡᠨ ᠴᠤ ᠵᠠᠪᠰᠢᠶᠠᠨ ᠤᠯᠭᠤᠬᠤ ᠦᠭᠡᠢ︾ ᠭᠡᠵᠦ ᠢᠳᠡᠭᠡᠯ ᠲᠦᠬᠦᠷᠡᠩ ᠶᠠᠷᠢᠨ᠎ᠠ᠃      ᠣᠶ ᠰᠢᠭᠤᠶ ᠶᠢᠨ ᠳᠤᠳᠤᠭᠠᠳᠦ ᠶᠢ ᠬᠠᠮᠠᠭᠠᠯᠠᠬᠤ ᠴᠠᠭᠳᠠᠭ᠎ᠠ ᠪᠣᠯᠤᠭᠰᠠᠨ ᠤ ᠬᠤᠪᠢ ᠳᠤ᠂ ᠲᠠᠳᠠ ᠠᠮᠢ ᠠᠬᠤᠶ ᠶᠢ ᠬᠠᠮᠠᠭᠠᠯᠠᠬᠤ᠂ ᠬᠡᠭᠡᠷ᠎ᠡ ᠶᠢᠨ ᠠᠮᠢᠲᠠᠨ ᠤᠷᠭᠤᠮᠠᠯ ᠢ ᠬᠠᠮᠠᠭᠠᠯᠠᠬᠤ ᠬᠦᠨᠳᠦ ᠡᠭᠦᠷᠭᠡ ᠶᠢ ᠡᠭᠦᠷᠭᠡᠯᠡᠵᠦ᠂ ᠰᠠᠯᠬᠢ ᠪᠤᠷᠤᠭᠠᠨ ᠴᠠᠰᠦ ᠰᠢᠭᠤᠷᠭ᠎ᠠ ᠶᠢ ᠬᠠᠶᠢᠬᠤᠷᠤᠯ ᠦᠭᠡᠢ ᠳᠤᠭᠤᠷᠢᠨ ᠴᠠᠬᠳᠠᠵᠦ ᠪᠠᠶᠢᠳᠠᠬ᠃ ᠲᠤᠬᠠᠢ ᠶᠢᠨ ᠭᠠᠵᠠᠷ ᠤᠨ ᠤᠯᠠᠨ ᠲᠦᠮᠡᠨ ᠡᠯᠪᠡᠭ ᠪᠠᠶᠠᠯᠢᠭ ᠵᠢᠭᠤᠯᠴᠢᠯᠠᠯ ᠤᠨ ᠡᠬᠢ ᠪᠠᠶᠠᠯᠢᠭ ᠪᠣᠯᠤᠨ ᠤᠷᠭᠤᠮᠠᠯ ᠬᠤᠴᠢᠯᠭ᠎ᠠ ᠶᠢᠨ ᠡᠬᠢ ᠪᠠᠶᠠᠯᠢᠭ ᠲᠠᠭᠠᠨ ᠲᠦᠰᠢᠭᠯᠡᠨ᠂ ᠠᠮᠢᠳᠤᠷᠠᠯ ᠨᠢ ᠡᠳᠦᠷ ᠠᠴᠠ ᠡᠳᠦᠷ ᠰᠠᠶᠢᠵᠢᠷᠠᠵᠦ᠂ ︽ᠬᠥᠬᠡᠮᠳᠦᠭ ᠨᠤᠭᠤᠭᠠᠨ ᠠᠭᠤᠯᠠ ᠤᠰᠤ ᠪᠣᠯ ᠳᠠᠷᠤᠢ ᠠᠯᠳᠠ ᠮᠥᠩᠭᠦᠨ ᠠᠭᠤᠯᠠ ᠮᠥᠨ︾ ᠭᠡᠬᠦ ᠤᠨᠤᠯᠵᠢᠬᠤᠨ ᠢ ᠦᠨᠡᠨᠬᠦ ᠪᠡᠶᠡᠴᠢᠯᠡᠨ ᠤᠶᠢᠯᠠᠭᠠᠵᠦ ᠪᠤᠢ᠃ ᠮᠦᠨ ᠴᠤ ᠮᠢᠩ ᠱᠦᠶ ᠾᠧ ᠪᠠᠯᠭᠠᠰᠤ 20 ᠭᠠᠷᠤᠶ ᠲᠦᠮᠡᠨ ᠡᠾᠧᠺᠲ᠋ᠠᠷ ᠤᠨ ᠰᠢᠭᠤᠶᠢᠲᠤ ᠣᠷᠣᠨ ᠤ ᠠᠮᠢᠲᠠᠨ ᠤᠷᠭᠤᠮᠠᠯ ᠤᠨ ᠡᠬᠢ ᠪᠠᠶᠠᠯᠢᠭ ᠲᠠᠢ ᠪᠠᠶᠢᠵᠦ᠂ ᠤᠯᠤᠰ ᠤᠨ ᠠᠮᠢᠲᠠᠨ ᠤᠷᠭᠤᠮᠠᠯ ᠤᠨ ᠭᠧᠨ ᠤ ᠬᠥᠮᠥᠷᠭᠡ ᠶᠢᠨ ᠨᠢᠭᠡ ᠪᠣᠯᠬᠤ ᠪᠥᠭᠡᠳ ᠨᠠᠩ ᠴᠤ ᠥᠪᠥᠷ ᠮᠣᠩᠭᠤᠯ ᠤᠨ ᠴᠢᠬᠤᠯᠠ ᠠᠮᠢ ᠠᠬᠤᠶ ᠶᠢᠨ ᠬᠠᠯᠬᠠᠪᠴᠢ ᠪᠠ ᠤᠰᠤᠨ ᠤ ᠡᠬᠢ ᠰᠤᠷᠪᠤᠯᠵᠢ ᠶᠢᠨ ᠠᠮᠢᠨ ᠰᠤᠳᠠᠰᠤ ᠪᠣᠯᠤᠨ᠎ᠠ᠃ ᠡᠶᠢᠮᠦ ᠠᠴᠠ ᠠᠭᠤᠯᠠ ᠤᠰᠦ ᠤᠢ ᠰᠢᠭᠤᠢ ᠨᠤᠳᠤᠬ ᠪᠡᠯᠴᠢᠭᠡᠷ ᠢ ᠰᠠᠶᠢᠳᠤᠷ ᠬᠠᠮᠠᠭᠠᠯᠠᠬᠤ ᠨᠢ ᠤᠢ ᠰᠢᠭᠤᠢ ᠶᠢᠨ ᠳᠤᠳᠤᠭᠠᠳᠦ ᠶᠢ ᠬᠠᠮᠠᠭᠠᠯᠠᠬᠤ ᠴᠠᠬᠳᠠᠭ᠎ᠠ ᠪᠤᠯᠤᠬᠰᠠᠳ ᠤᠨ ᠳᠠᠷᠬᠠᠨ ᠡᠬᠦᠷᠭᠡ ᠪᠤᠯᠬᠤ ᠶᠤᠮ᠃      ᠤᠢᠢᠷ᠎ᠠ ᠶᠢᠨ ᠵᠢᠯ ᠠᠴᠠ ᠨᠠᠭᠠᠰᠢ᠂ ᠦ᠋ ᠴᠠ ᠭᠸᠤ ᠤᠢ ᠰᠢᠭᠤᠢ ᠶᠢᠨ ᠳᠣᠲᠣᠭᠠᠳᠤ ᠶᠢ ᠬᠠᠮᠠᠭᠠᠯᠠᠬᠤ ᠬᠤᠪᠢᠶᠠᠷᠢ ᠲᠣᠪᠴᠶᠶ᠎ᠠ ᠰᠢᠨᠵᠢᠯᠡᠬᠦ ᠤᠬᠠᠭᠠᠨ ᠮᠡᠷᠭᠡᠵᠢᠯ ᠢᠶᠠᠷ ᠴᠠᠭᠳᠠᠭ᠎ᠠ ᠶᠢ ᠬᠦᠴᠦᠷᠬᠡᠭᠵᠢᠭᠦᠯᠬᠦ ᠵᠠᠮ ᠢ ᠢᠳᠡᠪᠬᠢᠲᠡᠢ ᠬᠠᠶᠢᠨ ᠰᠦᠪᠡᠭᠴᠢᠯᠡᠵᠦ᠂ ᠬᠠᠷᠢᠶ᠎ᠠ ᠣᠷᠣᠨ ᠤ ᠪᠠᠨ ᠭᠤᠣᠯᠳᠠᠯᠭ᠎ᠠ ᠲᠠᠢ ᠭᠠᠵᠠᠷ ᠲᠧ ᠬᠢᠨᠠᠨ ᠡᠵᠡᠮᠳᠡᠬᠦ ᠰᠢᠰᠲ᠋ᠧᠮ ᠲᠤᠬᠢᠷᠠᠭᠤᠯᠬᠤ ᠶᠢᠨ ᠬᠠᠮᠲᠤ ᠵᠢᠯᠣᠭᠤᠴᠢ ᠦᠭᠡᠢ ᠨᠢᠰᠭᠡᠯ ᠢ ᠠᠵᠢᠯ ᠤᠨ ᠳᠤᠮᠳᠠ ᠪᠠᠨ ᠥᠷᠭᠡᠨ ᠢᠶᠠᠷ ᠬᠡᠷᠡᠭᠯᠡᠵᠦ᠂ ᠰᠢᠨᠵᠢᠯᠡᠬᠦ ᠤᠬᠠᠭᠠᠨ ᠮᠡᠷᠭᠡᠵᠢᠯ ᠢᠶᠠᠷ ᠤᠢ ᠰᠢᠭᠤᠢ ᠶᠢ ᠲᠣᠭᠤᠷᠢᠨ ᠬᠠᠮᠠᠭᠠᠯᠠᠬᠤ ᠠᠵᠢᠯ ᠳᠤ ᠬᠦᠴᠦ ᠨᠡᠮᠡᠷᠢᠯᠡᠵᠡᠢ᠃ ᠰᠢᠭᠤᠶᠢᠲᠤ ᠣᠷᠣᠨ ᠤ ᠣᠷᠴᠢᠨ ᠲᠣᠭᠤᠷᠢᠨ ᠪᠤᠳᠤᠯᠢᠶᠠᠨᠲᠠᠶ᠂ ᠠᠭᠤᠷ ᠠᠮᠢᠰᠬᠤᠯ ᠬᠤᠪᠢᠷᠠᠯᠲᠠ ᠶᠡᠬᠡᠲᠡᠶ᠂ ᠭᠠᠵᠠᠷ ᠤᠨ ᠲᠥᠷᠰᠥ ᠣᠯᠠᠨ ᠶᠠᠩᠵᠤ ᠶᠢᠨ ᠪᠠᠶᠢᠵᠤ᠂ ᠲᠣᠭᠤᠷᠢᠨ ᠬᠠᠮᠠᠭᠠᠯᠠᠬᠤ ᠠᠵᠢᠯ ᠤᠨ ᠴᠡᠭ ᠤᠯᠠᠨ ᠪᠦᠭᠡᠳ ᠬᠡᠪᠴᠢᠶ᠎ᠡ ᠨᠢ ᠥᠷᠭᠡᠨ ᠪᠠᠶᠢᠳᠠᠭ᠃ ᠴᠠᠭᠳᠠᠭᠠᠨ ᠤ ᠵᠢᠯᠣᠭᠤᠴᠢ ᠥᠬᠡᠶ ᠨᠢᠰᠭᠡᠯ ᠨᠢ ᠬᠡᠭᠡᠷ᠎ᠡ ᠶᠢᠨ ᠠᠮᠢᠲᠠᠨ ᠤ ᠡᠳᠦᠷ ᠲᠤᠲᠤᠮ ᠤᠨ ᠬᠠᠮᠠᠭᠠᠯᠠᠯᠳᠠ ᠵᠡᠷᠭᠡ ᠲᠠᠯ᠎ᠠ ᠪᠠᠷ ᠥᠷᠭᠡᠨ ᠳᠡᠯᠭᠡᠷ ᠢᠶᠠᠷ ᠬᠡᠷᠡᠭᠯᠡᠭᠳᠡᠵᠦ᠂ ᠣᠯᠠᠨ ᠡᠰᠢᠲᠦ ᠴᠠᠭᠳᠠᠭᠠᠨ ᠤ ᠶᠠᠪᠤᠳᠠᠯ ᠤᠨ ᠪᠣᠳᠠᠲᠤ ᠪᠠᠶᠢᠯᠳᠤᠭᠠᠨ ᠤ ᠬᠡᠷᠡᠭᠴᠡᠭᠡ ᠶᠢ ᠬᠠᠩᠭᠠᠭᠰᠠᠨ ᠪᠠᠶᠢᠨ᠎ᠠ᠃ ᠦ᠋ ᠴᠠ ᠭᠸᠤ ᠤᠢ ᠰᠢᠭᠤᠢ ᠶᠢᠨ ᠳᠣᠲᠣᠭᠠᠳᠤ ᠶᠢ ᠬᠠᠮᠠᠭᠠᠯᠠᠬᠤ ᠬᠤᠪᠢᠶᠠᠷᠢ ᠲᠣᠪᠴᠶᠶ᠎ᠠ ᠠᠮᠢ ᠠᠬᠤᠢ ᠶᠢᠨ ᠴᠠᠭᠳᠠᠭᠠᠨ ᠤ ᠶᠠᠪᠤᠳᠠᠯ ᠤᠨ ᠪᠠᠶᠢᠭᠤᠯᠤᠯᠲᠠ ᠶᠢ ᠢᠳᠡᠪᠬᠢᠲᠡᠢ ᠰᠦᠪᠡᠭᠴᠢᠯᠡᠵᠦ᠂ ᠤᠯᠠᠨ ᠰᠠᠯᠠᠭ᠎ᠠ ᠮᠥᠴᠢᠷ ᠲᠠᠢ ᠬᠠᠷᠢᠯᠴᠠᠨ ᠬᠠᠮᠵᠢᠯᠴᠠᠵᠤ᠂ ︽ᠬᠢᠩᠭᠠᠨ ᠠᠶᠢᠮᠠᠭ ᠤᠨ ᠳᠣᠲᠣᠭᠠᠳᠤ ᠶᠢ ᠬᠠᠮᠠᠭᠠᠯᠠᠬᠤ ᠪᠠᠶᠢᠭᠤᠯᠭ᠎ᠠ ᠶᠢᠨ ︿ᠠᠮᠢ ᠠᠬᠤᠢ ᠶᠢᠨ ᠴᠠᠭᠳᠠᠭᠠᠨ ᠤ ᠶᠠᠪᠤᠳᠠᠯ﹀ ᠤᠨ ᠠᠵᠢᠯ ᠤᠨ ᠲᠣᠭᠲᠠᠴᠠ ᠶᠢ ᠪᠠᠶᠢᠭᠤᠯᠬᠤ ᠲᠤᠬᠠᠢ ᠬᠡᠷᠡᠭᠵᠢᠭᠦᠯᠬᠦ ᠰᠠᠨᠠᠯ︾ ᠢ ᠲᠣᠭᠲᠠᠭᠠᠵᠤ᠂ ︽ᠴᠣᠬᠢᠯᠲᠠ ᠥᠭᠴᠦ ᠰᠡᠷᠭᠡᠶᠢᠯᠡᠬᠦ ᠬᠠᠮᠢᠶᠠᠷᠤᠨ ᠡᠵᠡᠮᠳᠡᠬᠦ︾ ᠶᠢ ᠨᠢᠭᠡ ᠴᠤᠬᠴᠠᠵᠢᠭᠤᠯᠤᠬᠰᠠᠨ ᠠᠮᠢ ᠠᠬᠤᠢ ᠶᠢᠨ ᠣᠷᠴᠢᠨ ᠲᠣᠭᠤᠷᠢᠨ ᠤ ᠴᠠᠭᠳᠠᠭᠠᠨ ᠤ ᠶᠠᠪᠤᠳᠠᠯ ᠤᠨ ᠠᠵᠢᠯ ᠤᠨ ᠲᠣᠭᠲᠠᠴᠠ ᠶᠢ ᠪᠤᠢ ᠪᠤᠯᠭᠠᠵᠦ᠂ ᠠᠮᠢ ᠠᠬᠤᠢ ᠶᠢᠨ ᠡᠬᠢ ᠪᠠᠶᠠᠯᠢᠭ ᠢ ᠬᠠᠮᠠᠭᠠᠯᠠᠬᠤ ᠴᠠᠭᠳᠠᠭᠠᠨ ᠤ ᠶᠠᠪᠤᠳᠠᠯ ᠤᠨ ᠬᠠᠮᠲᠤᠷᠠᠯᠴᠠᠭᠠᠨ ᠤ ᠰᠢᠨ᠎ᠡ ᠪᠠᠶᠢᠷᠢᠰᠢᠯ ᠢ ᠬᠦᠴᠦᠯᠡᠨ ᠪᠠᠶᠢᠭᠤᠯᠵᠠᠢ᠃      ︽ᠪᠢᠳᠡ ᠬᠠᠷᠢᠶᠠᠲᠤ ᠣᠷᠣᠨ ᠤ ᠮᠢᠩ ᠱᠦᠶ ᠾᠧ ᠲᠣᠮᠢᠯᠠᠭᠰᠠᠨ ᠰᠠᠯᠪᠤᠷᠢ᠂ ᠬᠤᠰᠤᠨ ᠭᠤᠤ ᠲᠣᠮᠢᠯᠠᠭᠰᠠᠨ ᠰᠠᠯᠪᠤᠷᠢ ᠳᠤ 2 ᠠᠮᠢ ᠠᠬᠤᠶ ᠶᠢᠨ ᠴᠠᠭᠳᠠᠭᠠᠨ ᠤ ᠶᠠᠪᠤᠳᠠᠯ ᠤᠨ ᠬᠠᠮᠲᠤᠷᠠᠭᠰᠠᠨ ᠦᠢᠯᠡᠴᠢᠯᠡᠭᠡᠨ ᠤ ᠲᠠᠰᠤᠭ ᠭᠠᠷᠭᠠᠵᠤ᠂ ᠬᠡᠭᠡᠷ᠎ᠡ ᠶᠢᠨ ᠠᠮᠢᠲᠠᠨ ᠤ ︿ᠠᠮᠤᠷ ᠲᠦᠪᠰᠢᠨ ᠤ ᠥᠷᠲᠡᠭᠡ﹀ ᠪᠣᠯᠭᠠᠪᠠ᠃ ᠡᠮᠦᠨᠡᠭᠡᠨ᠂ ᠪᠢᠳᠡ ᠠᠭᠤᠯᠠᠨ ᠳᠤ ᠭᠠᠷᠴᠤ ᠲᠣᠭᠤᠷᠢᠨ ᠴᠠᠭᠳᠠᠬᠤ ᠦᠶ᠎ᠡ ᠳᠤ ᠰᠢᠷᠬᠠᠳᠤᠬᠰᠠᠨ ᠬᠤᠶᠠᠷ ᠵᠡᠭᠡᠷ᠎ᠡ ᠶᠢ ᠠᠪᠤᠷᠠᠨ ᠲᠤᠰᠠᠯᠠᠪᠡ᠃ ᠡᠬᠦᠨ ᠠᠴᠠ ᠭᠠᠳᠠᠨ᠎ᠠ ᠪᠢᠳᠡ ᠪᠠᠰᠠ ᠬᠠᠷᠢᠶ᠎ᠠ ᠣᠷᠣᠨ ᠤ ᠰᠠᠭᠤᠭᠠᠯᠢ ᠠᠷᠠᠳ ᠲᠠᠢ ᠬᠠᠮᠲᠤ ᠦᠨᠡᠭᠡ᠂ ᠪᠣᠷᠣ ᠭᠥᠷᠥᠭᠡᠰᠦ ᠶᠢ ᠠᠪᠤᠷᠠᠨ ᠲᠤᠰᠠᠯᠠᠵᠠᠶ᠂ ᠣᠲᠣ ᠣᠯᠠᠨ ᠲᠦᠮᠡᠨ ᠤ ᠠᠮᠢ ᠠᠬᠤᠶ ᠶᠢ ᠬᠠᠮᠠᠭᠠᠯᠠᠬᠤ ᠤᠬᠠᠮᠰᠠᠷ ᠥᠨᠳᠥᠷ ᠪᠣᠯᠵᠠᠶ︾ ᠭᠡᠵᠦ ᠤᠢ ᠰᠢᠭᠤᠢ ᠶᠢᠨ ᠳᠤᠳᠤᠭᠠᠳᠦ ᠶᠢ ᠬᠠᠮᠠᠭᠠᠯᠠᠬᠤ ᠴᠠᠬᠳᠠᠭ᠎ᠠ ᠰᠥᠩ ᠵᠢᠩ ᠵᠢᠶᠦ᠋ᠨ ᠭᠡᠯᠡᠨ᠎ᠠ᠃      ᠬᠥᠬᠡᠮᠳᠦᠭ ᠨᠣᠭᠤᠭᠠᠨ ᠠᠭᠤᠯᠠ ᠤᠰᠤ ᠶᠢᠨ ᠬᠠᠮᠠᠭᠠᠯᠠᠯᠳᠠ ᠨᠢ ᠤᠢ ᠰᠢᠭᠤᠢ ᠶᠢᠨ ᠳᠣᠲᠣᠭᠠᠳᠤ ᠶᠢ ᠬᠠᠮᠠᠭᠠᠯᠠᠬᠤ ᠪᠠᠶᠢᠭᠤᠯᠭ᠎ᠠ ᠶᠢᠨ ᠨᠠᠷᠢᠨ ᠨᠢᠮᠪᠠᠢ ᠬᠠᠮᠠᠭᠠᠯᠠᠯ ᠠᠴᠠ ᠰᠠᠯᠵᠤ ᠴᠢᠳᠠᠬᠤ ᠦᠬᠡᠢ ᠶᠤᠮ᠂ ᠡᠨᠡᠬᠦ ᠠᠷᠢᠭᠤᠨ ᠬᠥᠷᠥᠰᠥ ᠶᠢ ᠬᠠᠮᠠᠭᠠᠯᠠᠵᠦ ᠪᠠᠶᠢᠭ᠎ᠠ ︽ᠤᠢ ᠰᠢᠭᠤᠢ ᠶᠢᠨ ᠬᠠᠮᠠᠭᠠᠯᠠᠭᠴᠢ︾ ᠪᠣᠯᠤᠭᠰᠠᠨ ᠤ ᠬᠤᠪᠢ ᠳᠤ᠂ ᠳᠡᠳᠡ ᠦᠪᠡᠷ ᠤᠨ ᠬᠦᠴᠦ ᠬᠦᠳᠡᠯᠮᠦᠷᠢ ᠴᠢᠨᠠᠬᠰᠢᠯᠠᠪᠠᠯ ᠵᠠᠯᠠᠭᠤ ᠨᠠᠰᠦ ᠪᠠᠨ ᠰᠢᠭᠤᠶᠢᠳᠦ ᠤᠷᠤᠨ ᠢ ᠬᠠᠮᠠᠭᠠᠯᠠᠬᠤ ᠠᠵᠢᠯ ᠳᠤ ᠵᠤᠷᠢᠭᠤᠯᠵᠦ᠂ ᠳᠤᠬᠠᠢ ᠶᠢᠨ ᠭᠠᠵᠠᠷ ᠤᠷᠤᠨ ᠤ ᠨᠡᠶᠢᠭᠡᠮ ᠤᠨ ᠠᠮᠤᠷ ᠳᠤᠬᠳᠠᠭᠤᠨ ᠵᠢᠴᠢ ᠤᠷᠭᠤᠮᠠᠯ ᠬᠤᠴᠢᠯᠭ᠎ᠠ ᠠᠮᠢᠳᠡᠨ ᠠᠷᠢᠶᠠᠳᠡᠨ ᠤ ᠬᠠᠮᠠᠭᠠᠯᠠᠯᠳᠠ ᠳᠤ ᠬᠦᠴᠦᠨ ᠴᠢᠳᠡᠯ ᠢᠶᠠᠨ ᠡᠷᠬᠦᠨ᠎ᠠ᠃
ᠵᠢᠷᠤᠬ 1. ᠳᠤᠭᠤᠷᠢᠨ ᠴᠠᠬᠳᠠᠵᠦ ᠪᠤᠢ᠃ᠵᠢᠷᠤᠬ 2. ᠵᠢᠯᠤᠭᠤᠴᠢ ᠦᠭᠡᠢ ᠨᠢᠰᠭᠡᠯ ᠢᠶᠠᠷ ᠪᠠᠶᠢᠴᠠᠭᠠᠯᠳᠠ ᠬᠢᠨ᠎ᠠ᠃· ᡁᠢ ᠮᠢᠨ ᠵᠠᠩ ᠵᠢᠩ ·
 
ᠢᠷᠡᠯᠲᠡ᠄ ᠬᠢᠩᠭᠠᠨ ᠤ ᠡᠳᠣᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号