ᠠᠳᠤᠭᠤᠨ ᠤ ᠪᠠᠭᠠᠯᠵᠠᠭᠤᠷ ᠤᠨ ᠦᠷᠪᠢᠰᠤᠯ ᠢ ᠵᠠᠰᠠᠬᠤ ᠮᠡᠷᠭᠡᠵᠢᠯ
ᠨᠡᠶᠢᠲᠡᠯᠡᠭᠰᠡᠨ ᠴᠠᠭ᠄
2023/9/27
   ᠪᠠᠭᠠᠯᠵᠠᠭᠤᠷ ᠤᠨ ᠬᠡᠰᠡᠭ ᠤᠨ ᠰᠠᠯᠢᠰᠤᠳᠤ ᠪᠦᠷᠬᠦᠬᠦᠯ ᠵᠢᠴᠢ ᠬᠦᠨ ᠬᠡᠰᠡᠭ ᠤᠨ ᠨᠡᠭᠡᠳᠡᠰᠤ ᠶᠢᠨ ᠦᠷᠪᠢᠰᠤᠯ ᠶᠤᠮ᠃   ᠡᠪᠡᠳᠴᠢᠨ ᠤ ᠢᠯᠡᠷᠡᠯ᠄ ᠡᠪᠡᠳᠴᠢᠨ ᠲᠠᠢ ᠠᠳᠤᠭᠤ ᠨᠢ ᠬᠦᠵᠤᠬᠦᠥ ᠪᠠᠨ ᠰᠤᠨᠤᠭᠠᠵᠤ᠂ ᠵᠠᠯᠬᠢᠬᠤ ᠳᠠᠭᠠᠨ ᠬᠦᠴᠢᠷᠳᠡᠵᠤ᠂ ᠰᠢᠯᠤᠰᠤ ᠭᠤᠭᠤᠵᠢᠭᠤᠯᠤᠨ᠂ ᠪᠠᠭᠠᠯᠵᠠᠭᠤᠷ ᠤᠨ ᠬᠡᠰᠡᠭ ᠨᠢ ᠡᠮᠵᠡᠭᠯᠡᠨ᠂ ᠬᠠᠮᠠᠷ ᠤᠨ ᠬᠤᠶᠠᠷ ᠨᠦᠬᠡ ᠪᠠᠷ ᠨᠢ ᠰᠢᠯᠤᠰᠤ᠂ ᠨᠢᠰᠤ ᠪᠠ ᠲᠡᠵᠢᠭᠡᠯ ᠬᠤᠯᠢᠯᠳᠤᠨ ᠭᠤᠭᠤᠵᠢᠨ᠎ᠠ᠃ ᠢᠳᠡᠬᠦ ᠨᠢ ᠤᠳᠠᠭᠠᠨ᠂ ᠵᠠᠯᠬᠢᠬᠤ ᠳᠠᠭᠠᠨ ᠬᠦᠴᠢᠷᠳᠡᠵᠤ᠂ ᠢᠳᠡᠰᠢ ᠪᠠᠨ ᠭᠤᠭᠤᠵᠢᠭᠤᠯᠵᠤ᠂ ᠬᠡᠰᠡᠭ ᠪᠠᠶᠢᠷᠢ ᠲᠡᠭᠡᠷ᠎ᠠ ᠨᠢ ᠲᠠᠷᠤᠬᠤ ᠳᠤ ᠡᠮᠵᠡᠭᠯᠡᠬᠦ ᠪᠤᠶᠤ ᠬᠠᠨᠢᠶᠠᠯᠭᠠᠵᠤ᠂ ᠲᠤᠥᠷᠠᠳᠤ ᠡᠷᠡᠣ ᠶᠢᠨ ᠯᠢᠮᠪᠠ ᠶᠢᠨ ᠵᠠᠩᠬᠢᠯᠠᠭ᠎ᠠ ᠨᠢ ᠬᠠᠪᠤᠳᠤᠭᠰᠠᠨ ᠪᠠᠶᠢᠳᠠᠭ᠃ ᠡᠪᠡᠳᠴᠢᠨ ᠤ ᠪᠠᠶᠢᠳᠠᠯ ᠬᠦᠩᠬᠡᠨ ᠦᠶ᠎ᠠ ᠳᠡᠭᠡᠨ ᠢᠯᠡᠷᠬᠡᠢ ᠢᠯᠡᠷᠡᠯ ᠦᠭᠡᠢ᠂ ᠵᠦᠪᠬᠡᠨ ᠵᠠᠯᠬᠢᠬᠤ ᠳᠠᠭᠠᠨ ᠬᠦᠴᠢᠷᠳᠡᠵᠤ ᠂ ᠢᠳᠡᠬᠦ ᠨᠢ ᠪᠠᠭᠠᠰᠴᠤ ᠡᠴᠡᠵᠤ ᠲᠤᠷᠠᠳᠠᠭ᠃ ᠬᠦᠨᠳᠤᠷᠡᠪᠡᠯ ᠪᠡᠶ᠎ᠠ ᠶᠢᠨ ᠲᠤᠯᠠᠭᠠᠴᠠ ᠨᠢ ᠲᠡᠭᠡᠭᠰᠢᠯᠡᠵᠤ᠂ ᠠᠮᠢᠰᠬᠤᠯ᠂ ᠰᠤᠳᠠᠯ ᠤᠨ ᠯᠤᠭᠰᠢᠯᠳᠠ ᠨᠢ ᠲᠦᠷᠭᠡᠰᠬᠦ ᠵᠡᠷᠭᠡ ᠪᠦᠬᠦ ᠪᠡᠶ᠎ᠠ ᠶᠢᠨ ᠢᠯᠡᠷᠡᠯ ᠭᠠᠷᠳᠠᠭ᠃  ᠡᠪᠡᠳᠴᠢᠨ ᠤ ᠰᠢᠯᠳᠠᠭᠠᠨ᠄ ᠬᠦᠢᠳᠡᠨ ᠰᠠᠯᠬᠢ ᠳᠤ ᠴᠤᠬᠢᠭᠳᠠᠬᠤ᠂ ᠬᠡᠳᠤ ᠪᠦᠳᠤᠬᠦᠯᠢᠭ ᠪᠤᠷᠳᠤᠭ᠎ᠠ ᠪᠠᠷ ᠲᠡᠵᠢᠭᠡᠬᠦ᠂ ᠬᠤᠳᠤᠭᠤᠳᠤᠨ ᠤ ᠭᠤᠥᠷ ᠵᠡᠷᠭᠡ ᠫᠠᠷᠠᠽᠢᠲ ᠬᠤᠷᠤᠬᠠᠢ ᠪᠠ ᠵᠤᠨᠳ᠋ ᠶᠢ ᠬᠡᠪ ᠤᠨ ᠪᠤᠰᠤ ᠪᠠᠷ ᠬᠡᠷᠡᠭᠯᠡᠭᠰᠡᠨ ᠠᠴᠠ ᠡᠬᠦᠰᠳᠡᠭ ᠪᠦᠭᠡᠳ ᠪᠠᠰᠠ ᠦᠭᠡᠷ᠎ᠠ ᠡᠪᠡᠳᠴᠢᠨ ᠢ ᠲᠠᠭᠠᠵᠤ ᠨᠡᠷᠪᠡᠭᠳᠡᠳᠡᠭ ᠶᠤᠮ᠃  ᠡᠮᠴᠢᠯᠡᠬᠦ᠄ ᠲᠤᠰ ᠡᠪᠡᠳᠴᠢᠨ ᠢ ᠡᠮᠴᠢᠯᠡᠬᠦ ᠵᠠᠷᠴᠢᠮ ᠨᠢ ᠠᠷᠠᠴᠢᠯᠠᠭ᠎ᠠ ᠰᠤᠪᠢᠯᠠᠯᠳᠠ ᠶᠢ ᠨᠢ ᠴᠢᠩᠭᠠᠳᠬᠠᠨ᠂ ᠦᠷᠪᠢᠰᠤᠯ ᠢ ᠨᠢ ᠲᠠᠷᠤᠨ᠎ᠠ᠃   ᠠᠷᠠᠴᠢᠯᠠᠭ᠎ᠠ ᠰᠤᠪᠢᠯᠠᠯᠳᠠ ᠬᠢᠬᠦ᠄ ᠬᠢᠯᠪᠠᠷ ᠰᠢᠩᠭᠡᠭᠡᠭᠳᠡᠬᠦ ᠵᠦᠭᠡᠯᠡᠨ ᠡᠪᠡᠰᠤ ᠪᠤᠷᠳᠤᠭ᠎ᠠ ᠪᠠᠷ ᠲᠡᠵᠢᠭᠡᠨ᠂ ᠪᠦᠯᠢᠶᠠᠨ ᠤᠰᠤ ᠪᠠᠷ ᠤᠰᠤᠯᠠᠨ᠂ 10% ~ 25% ᠶᠢᠨ ᠦᠵᠤᠮ ᠤᠨ ᠰᠢᠬᠢᠷ ᠤᠨ ᠠᠭᠤᠰᠤᠮᠠᠯ ᠢ 1000 ~ 1500mL ᠰᠤᠳᠠᠯ ᠢᠶᠠᠷ ᠨᠢ ᠡᠳᠤᠷ ᠲᠤ 1 ~ 2 ᠤᠳᠠᠭ᠎ᠠ ᠲᠠᠷᠢᠨ᠎ᠠ᠃    ᠦᠷᠪᠢᠰᠤᠯ ᠢ ᠲᠠᠷᠤᠬᠤ ᠳᠠᠭᠠᠨ ᠡᠪᠡᠳᠴᠢᠨ ᠤ ᠡᠬᠢᠨ ᠤ ᠦᠶ᠎ᠠ ᠳᠤ ᠪᠠᠭᠠᠯᠵᠠᠭᠤᠷ ᠤᠨ ᠬᠡᠰᠡᠭ ᠲᠤ ᠬᠦᠢᠳᠡᠨ ᠵᠢᠩ ᠲᠠᠯᠪᠢᠵᠤ᠂ ᠰᠡᠬᠦᠯ ᠤᠨ ᠦᠶ᠎ᠠ ᠳᠤᠨᠢ ᠬᠠᠯᠠᠭᠤᠨ ᠵᠢᠩ ᠲᠠᠯᠪᠢᠨ᠎ᠠ᠃     10% ᠶᠢᠨ ᠰᠠᠯᠢᠼᠢᠯ ᠬᠦᠴᠢᠯ ᠤᠨ ᠨᠠᠲᠷᠢ 100mL ᠰᠤᠳᠠᠯ ᠢᠶᠠᠷ ᠲᠠᠷᠢᠨ᠎ᠠ᠃     160~ 320 ᠲᠦᠮᠡᠨ ᠨᠢᠭᠡᠴᠢ ᠶᠢᠨ ᠫᠧᠨᠢᠼᠢᠯᠢᠨ ᠢ ᠪᠤᠯᠴᠢᠩ ᠳᠤ ᠲᠠᠷᠢᠨ᠎ᠠ᠃     ᠵᠡᠬᠦᠥ ᠲᠦᠭᠡᠨᠡᠯᠭᠡ ᠶᠢᠨ ᠵᠠᠰᠠᠯ᠄ ᠪᠠᠭᠠᠯᠵᠠᠭᠤᠷ ᠤᠨ ᠴᠡᠭ ᠲᠤ ᠵᠠᠰᠠᠯ ᠬᠢᠨ᠎ᠠ᠃    ︵︽ᠠᠳᠤᠭᠤ ᠡᠮᠨᠡᠬᠦ ᠮᠡᠷᠭᠡᠵᠢᠯ︾ ᠭᠡᠬᠦ ᠨᠤᠮ ᠠᠴᠠ ᠰᠡᠶᠢᠷᠡᠬᠦᠯᠪᠡ︶
 
ᠢᠷᠡᠯᠲᠡ᠄ ᠬᠢᠩᠭᠠᠨ ᠤ ᠡᠳᠣᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号