ᠵᠢᠭᠠᠰᠤ ᠠᠩᠨᠠᠬᠤ ᠶᠢ ᠴᠠᠭᠠᠵᠠᠯᠠᠬᠤ ᠬᠤᠭᠤᠴᠠᠭᠠᠨ ᠳᠠᠬᠢ ᠵᠢᠭᠠᠰᠤᠨ ᠤ ᠶᠠᠪᠤᠳᠠᠯ ᠤᠨ ᠬᠠᠮᠢᠶᠠᠷᠤᠯᠲᠠ ᠶᠢ ᠴᠢᠩᠭᠠᠳᠬᠠᠬᠤ ᠲᠤᠬᠠᠢ ᠵᠠᠷᠯᠠᠯ
ᠨᠡᠶᠢᠲᠡᠯᠡᠭᠰᠡᠨ ᠴᠠᠭ᠄
2023/8/29
      ᠷᠡᠰᠢᠶᠠᠨ ᠵᠠᠰᠠᠭ ᠮᠠᠳᠡᠭᠳᠡᠯ ᠦᠰᠦᠭᠳᠣ 〔2023〕 2 ᠳ᠋ᠤᠭᠠᠷ ᠲᠣᠭᠠᠲᠤ       ᠪᠠᠶᠢᠭᠠᠯᠢ ᠶᠢᠨ ᠤᠰᠤᠨ ᠣᠷᠣᠨ ᠤ ᠵᠢᠭᠠᠰᠤᠨ ᠠᠵᠤ ᠠᠬᠤᠢ ᠶᠢᠨ ᠡᠬᠢ ᠪᠠᠶᠠᠯᠢᠭ ᠢ ᠪᠦᠲᠦᠮᠵᠢᠲᠡᠶ ᠬᠠᠮᠠᠭᠠᠯᠠᠬᠤ ᠪᠠ ᠵᠣᠬᠢᠰᠲᠠᠢ ᠠᠰᠢᠭᠯᠠᠵᠤ᠂ ᠵᠢᠭᠠᠰᠤᠨ ᠠᠵᠤ ᠠᠬᠤᠢ ᠶᠢᠨ ᠠᠮᠢ ᠠᠬᠤᠢ ᠶᠢᠨ ᠲᠡᠩᠴᠡᠭᠦᠷᠢ ᠪᠠ ᠤᠰᠤᠨ ᠤ ᠠᠮᠢᠳᠤ ᠪᠣᠳᠠᠰ ᠤᠨ ᠣᠯᠠᠨ ᠶᠠᠩᠵᠤᠲᠤ ᠴᠢᠨᠠᠷ ᠢ ᠬᠠᠮᠠᠭᠠᠯᠠᠨ᠂ ᠪᠠᠶᠢᠭᠠᠯᠢ ᠶᠢᠨ ᠤᠰᠤᠨ ᠣᠷᠣᠨ ᠤ ᠵᠢᠭᠠᠰᠤᠨ ᠠᠵᠤ ᠠᠬᠤᠢ ᠶᠢᠨ ᠡᠬᠢ ᠪᠠᠶᠠᠯᠢᠭ ᠤᠨ ᠦᠷᠭᠦᠯᠵᠢᠯᠡᠨ ᠬᠥᠭᠵᠢᠬᠦ ᠶᠢ ᠠᠬᠢᠭᠤᠯᠬᠤ ᠶᠢᠨ ᠲᠥᠯᠥᠭᠡ᠂ ︽ᠪᠥᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠵᠢᠭᠠᠰᠤᠨ ᠠᠵᠤ ᠠᠬᠤᠢ ᠶᠢᠨ ᠬᠠᠤᠯᠢ︾ ︽ᠪᠥᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠬᠡᠭᠡᠷ᠎ᠡ ᠶᠢᠨ ᠠᠮᠢᠲᠠᠨ ᠢ ᠬᠠᠮᠠᠭᠠᠯᠠᠬᠤ ᠬᠠᠤᠯᠢ︾ ︽ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ︿ᠪᠥᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠵᠢᠭᠠᠰᠤᠨ ᠠᠵᠤ ᠠᠬᠤᠢ ᠶᠢᠨ ᠬᠠᠤᠯᠢ﹀ ᠶᠢ ᠬᠡᠷᠡᠭᠵᠢᠭᠦᠯᠬᠦ ᠠᠷᠭ᠎ᠠ︾ ᠶᠢᠨ ᠬᠤᠯᠪᠣᠭᠳᠠᠯ ᠪᠦᠬᠦᠢ ᠲᠣᠭᠲᠠᠭᠠᠯ ᠢ ᠦᠨᠳᠦᠰᠦᠯᠡᠨ᠂ ᠡᠳᠦᠭᠡ ᠮᠠᠨ ᠤ ᠬᠤᠲᠠ ᠶᠢᠨ 2023 ᠣᠨ ᠤ ᠵᠢᠭᠠᠰᠤ  ᠠᠩᠨᠠᠬᠤ ᠶᠢ ᠴᠠᠭᠠᠵᠠᠯᠠᠬᠤ ᠬᠤᠭᠤᠴᠠᠭᠠᠨ ᠳᠠᠬᠢ ᠬᠠᠮᠢᠶᠠᠷᠤᠯᠲᠠ ᠶᠢᠨ ᠠᠵᠢᠯ ᠢ ᠳᠣᠣᠷᠠᠬᠢ ᠮᠡᠲᠦ ᠵᠠᠷᠯᠠᠶ᠎ᠠ᠄       ᠨᠢᠭᠡ᠂ ᠵᠢᠭᠠᠰᠤ ᠠᠩᠨᠠᠬᠤ ᠬᠤᠷᠢᠭᠠᠲᠠᠢ ᠣᠷᠣᠨ ᠪᠣᠯᠣᠨ ᠵᠢᠭᠠᠰᠤ ᠠᠩᠨᠠᠬᠤ ᠬᠤᠷᠢᠭᠠᠲᠠᠢ ᠬᠤᠭᠤᠴᠠᠭ᠎ᠠ ᠶᠢ ᠵᠠᠭᠠᠭᠯᠠᠨ ᠲᠣᠭᠲᠠᠭᠠᠬᠤ       ᠷᠠᠰᠢᠶᠠᠨ ᠬᠤᠲᠠ ᠶᠢᠨ ᠬᠢᠯᠢ ᠳᠣᠲᠣᠷᠠᠬᠢ ᠭᠤᠣᠯ ᠮᠥᠷᠡᠨ᠂ ᠨᠠᠭᠤᠷ ᠴᠥᠭᠦᠷᠥᠮ ᠵᠡᠷᠭᠡ ᠵᠢᠭᠠᠰᠤᠨ ᠠᠵᠤ ᠠᠬᠤᠢ ᠶᠢᠨ ᠤᠰᠤᠨ ᠣᠷᠣᠨ ᠤ ᠵᠢᠭᠠᠰᠤ ᠠᠩᠨᠠᠬᠤ ᠶᠢ ᠴᠠᠭᠠᠵᠠᠯᠠᠬᠤ ᠬᠤᠭᠤᠴᠠᠭ᠎ᠠ ᠨᠢ 5 ᠰᠠᠷ᠎ᠠ ᠶᠢᠨ 1 ᠤ ᠡᠳᠦᠷ ᠠᠴᠠ 7 ᠰᠠᠷ᠎ᠠ ᠶᠢᠨ 31 ᠤ ᠡᠳᠦᠷ ᠪᠣᠯᠲᠠᠯ᠎ᠠ ᠶᠠᠪᠣᠬᠳᠡᠨ᠎ᠠ︔ ᠬᠢᠯᠢ ᠶᠢᠨ ᠤᠰᠤᠨ ᠣᠷᠣᠨ ᠳᠤ ᠣᠨᠴᠠᠭᠠᠶ ᠲᠣᠭᠲᠠᠭᠠᠯ ᠲᠠᠢ ᠨᠢ ᠡᠭᠦᠨ ᠳᠤ ᠪᠠᠭᠲᠠᠬᠤ ᠦᠭᠡᠢ᠄ ᠪᠠᠶᠢᠭᠠᠯᠢ ᠶᠢᠨ ᠤᠰᠤᠨ ᠣᠷᠣᠨ ᠤ ᠵᠢᠭᠠᠰᠤᠨ ᠤ ᠲᠦᠷᠦᠯ ᠤᠨ ᠥᠨᠳᠡᠭᠡᠯᠡᠬᠦ ᠲᠠᠯᠠᠪᠠᠢ ᠪᠠ ᠨᠡᠭᠦᠳᠡᠯᠯᠡᠬᠦ ᠭᠤᠣᠯ ᠤᠨ ᠵᠠᠮ ᠢ ᠪᠠᠶᠢᠩᠭᠤ ᠶᠢᠨ ᠵᠢᠭᠠᠰᠤ ᠠᠩᠨᠠᠬᠤ ᠬᠤᠷᠢᠭᠠᠲᠠᠢ ᠣᠷᠣᠨ ᠢᠶᠠᠷ ᠵᠠᠭᠠᠭᠯᠠᠨ ᠲᠣᠭᠲᠠᠭᠠᠵᠡᠢ᠃       ᠬᠤᠶᠠᠷ᠂ ᠵᠢᠭᠠᠰᠤ ᠠᠩᠨᠠᠬᠤ ᠶᠢ ᠴᠠᠭᠠᠵᠠᠯᠠᠬᠤ  ᠲᠦᠷᠣᠯ ᠵᠦᠢᠯ       ᠷᠠᠰᠢᠶᠠᠨ ᠬᠤᠲᠠ ᠶᠢᠨ ᠬᠢᠯᠢ ᠳᠣᠲᠣᠷᠠᠬᠢ ᠭᠤᠣᠯ ᠮᠥᠷᠡᠨ᠂ ᠨᠠᠭᠤᠷ ᠴᠥᠭᠦᠷᠥᠮ ᠵᠡᠷᠭᠡ ᠵᠢᠭᠠᠰᠤᠨ ᠠᠵᠤ ᠠᠬᠤᠢ ᠶᠢᠨ ᠤᠰᠤᠨ ᠣᠷᠣᠨ ᠳᠤ ᠠᠶᠠᠨᠳᠠᠭᠠᠨ ᠦᠷᠡᠵᠢᠬᠦ ᠡᠯ᠎ᠡ ᠵᠦᠢᠯ ᠤᠨ ᠬᠡᠭᠡᠷ᠎ᠡ ᠶᠢᠨ ᠤᠰᠤᠨ ᠤ ᠠᠮᠢᠲᠠᠨ ᠢ ᠠᠩᠨᠠᠬᠤ ᠶᠢ ᠴᠠᠭᠠᠵᠠᠯᠠᠬᠤ ᠲᠥᠷᠥᠯ ᠵᠦᠢᠯ ᠭᠡᠨ᠎ᠡ︔ ᠵᠢᠷᠠ ᠵᠢᠭᠠᠰᠤ ᠪᠠ ᠨᠠᠷᠢᠨ ᠬᠠᠶᠢᠷᠰᠤᠲᠤ ᠵᠢᠭᠠᠰᠤ ᠪᠣᠯ ᠮᠠᠨ ᠤ ᠬᠤᠲᠠ ᠶᠢᠨ ᠤᠳᠠᠭᠠᠨ ᠵᠢᠯ ᠤᠨ ᠲᠤᠷᠰᠢ  ᠠᠩᠨᠠᠬᠤ ᠶᠢ ᠴᠠᠭᠠᠵᠠᠯᠠᠵᠤ ᠢᠷᠡᠭᠰᠠᠨ᠂ ᠴᠢᠩᠭ᠎ᠠ ᠬᠢᠨᠠᠨ ᠬᠠᠮᠢᠶᠠᠷᠴᠤ ᠪᠠᠶᠢᠭ᠎ᠠ ᠪᠣᠯᠬᠤᠷ᠂ ᠵᠢᠭᠠᠰᠤ ᠠᠩᠨᠠᠬᠤ ᠶᠢ  ᠴᠢᠩᠭ᠎ᠠ ᠴᠠᠭᠠᠵᠠᠯᠠᠨ᠎ᠠ᠃       ᠭᠤᠷᠪᠠ᠂ ᠵᠢᠭᠠᠰᠤ ᠠᠩᠨᠠᠬᠤ ᠶᠢ ᠴᠠᠭᠠᠵᠠᠯᠠᠬᠤ ᠲᠣᠬᠠᠢ ᠬᠠᠮᠢᠶᠠᠷᠤᠯᠲᠠ        ( ᠨᠢᠭᠡ ) ᠵᠢᠭᠠᠰᠤ ᠠᠩᠨᠠᠬᠤ ᠬᠤᠷᠢᠭᠠᠲᠠᠢ ᠬᠤᠭᠤᠴᠠᠭ᠎ᠠ ᠪᠠ ᠵᠢᠭᠠᠰᠤ ᠠᠩᠨᠠᠬᠤ ᠬᠤᠷᠢᠭᠠᠲᠠᠢ ᠣᠷᠣᠨ ᠳᠤ ᠶᠠᠮᠠᠷᠪᠠ ᠨᠢᠭᠡᠴᠢ ᠪᠠ ᠬᠤᠪᠢ ᠬᠥᠮᠥᠨ ᠤ ᠠᠩᠨᠠᠵᠤ ᠱᠦᠭᠦᠬᠦ ᠠᠵᠢᠯᠯᠠᠭ᠎ᠠ ᠪᠤᠶᠤ ᠬᠠᠤᠯᠢ ᠪᠤᠰᠤ ᠪᠠᠷ ᠠᠩᠨᠠᠵᠤ ᠱᠦᠭᠦᠭᠰᠡᠨ ᠵᠢᠭᠠᠰᠤ ᠶᠢ ᠬᠤᠳᠠᠯᠳᠤᠨ ᠠᠪᠬᠤ᠂ ᠵᠥᠭᠡᠭᠡᠪᠦᠷᠢᠯᠡᠬᠦ᠂ ᠪᠣᠷᠣᠯᠠᠭᠤᠯᠬᠤ ᠶᠢ ᠴᠠᠭᠠᠵᠠᠯᠠᠨ᠎ᠠ᠃       ︵ᠬᠤᠶᠠᠷ︶ ᠵᠢᠭᠠᠰᠤ ᠠᠩᠨᠠᠬᠤ ᠬᠤᠷᠢᠭᠠᠲᠠᠢ ᠬᠤᠭᠤᠴᠠᠭ᠎ᠠ ᠪᠣᠯᠣᠨ ᠵᠢᠭᠠᠰᠤ ᠠᠩᠨᠠᠬᠤ ᠬᠤᠷᠢᠭᠠᠲᠠᠢ ᠣᠷᠣᠨ  ᠤ ᠳᠣᠲᠣᠷ᠎ᠠ᠂ ᠰᠢᠨᠵᠢᠯᠡᠬᠦ ᠤᠬᠠᠭᠠᠨ   ᠤ ᠰᠤᠳᠤᠯᠤᠯ᠂ ᠵᠢᠭᠠᠰᠣᠨ ᠤ ᠦᠷᠡᠵᠢᠯ ᠵᠡᠷᠭᠡ ᠣᠨᠴᠣᠭᠤᠢ ᠬᠡᠷᠡᠭᠴᠡᠭᠡ ᠠᠴᠠ ᠪᠣᠯᠣᠭᠠᠳ ᠠᠩᠨᠠᠵᠤ ᠱᠦᠭᠦᠬᠦ ᠠᠵᠢᠯ ᠬᠢᠬᠦ ᠴᠢᠬᠤᠯᠠ ᠲᠠᠢ ᠪᠣᠯ ᠡᠷᠬᠡᠪᠰᠢ ᠥᠪᠡᠷᠲᠡᠭᠡᠨ ᠵᠠᠰᠠᠬᠤ ᠣᠷᠣᠨ ᠤ ᠲᠠᠷᠢᠶᠠᠯᠠᠩ ᠮᠠᠯ ᠠᠵᠤ ᠠᠬᠤᠢ ᠶᠢᠨ ᠲᠢᠩᠬᠢᠮ ᠢᠶᠠᠷ ᠬᠢᠨᠠᠨ ᠵᠥᠪᠰᠢᠶᠡᠷᠡᠭᠦᠯᠬᠦ ᠬᠡᠷᠡᠭᠲᠡᠢ᠃      ︵ᠭᠤᠷᠪᠠ︶ ᠬᠤᠳᠠ ᠶᠢᠨ ᠳᠣᠲᠣᠭᠠᠳᠤ ᠶᠢ ᠬᠠᠮᠠᠭᠠᠯᠠᠬᠤ ᠲᠣᠪᠴᠢᠶ᠎ᠠ᠂ ᠬᠤᠳᠠ ᠶᠢᠨ ᠲᠠᠷᠢᠶᠠᠯᠠᠩ ᠮᠠᠯ ᠠᠵᠤ ᠠᠬᠤᠢ ᠤᠰᠤᠨ ᠠᠰᠢᠭᠯᠠᠯᠲᠠ ᠪᠣᠯᠣᠨ ᠰᠢᠨᠵᠢᠯᠡᠬᠦ ᠤᠬᠠᠭᠠᠨ ᠮᠡᠷᠭᠡᠵᠢᠯ   ᠤᠨ ᠲᠣᠪᠴᠢᠶ᠎ᠠ᠂ ᠬᠤᠳᠠ ᠶᠢᠨ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ᠂ ᠡᠯ᠎ᠡ ᠪᠠᠯᠭᠠᠰᠤ ᠵᠡᠭᠡᠯᠢ ᠶᠢᠨ ᠶᠡᠷᠦᠩᠬᠡᠶᠢᠯᠡᠭᠰᠡᠨ ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠬᠦ ᠰᠠᠯᠠᠭ᠎ᠠ ᠮᠥᠴᠢᠷ ᠤᠳ ᠶᠡᠬᠡᠪᠡᠷ ᠬᠠᠮᠵᠢᠯᠴᠠᠵᠤ᠂ ᠬᠠᠤᠯᠢ ᠬᠡᠷᠡᠭᠵᠢᠭᠦᠯᠬᠦ ᠪᠠ ᠪᠠᠶᠢᠴᠠᠭᠠᠨ ᠰᠢᠢᠳᠪᠦᠷᠢᠯᠡᠬᠦ ᠡᠷᠴᠢᠮ ᠢᠶᠠᠨ ᠨᠡᠮᠡᠭᠳᠡᠭᠦᠯᠬᠦ ᠬᠡᠷᠡᠭᠲᠡᠢ᠃ ᠬᠠᠤᠯᠢ ᠶᠢ ᠵᠥᠷᠢᠴᠡᠵᠦ ᠠᠩᠨᠠᠵᠤ ᠱᠦᠭᠦᠭᠰᠡᠨ ᠪᠠ ᠪᠣᠷᠣᠯᠠᠭᠤᠯᠤᠭᠰᠠᠳ ᠢ ︽ᠪᠥᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠵᠢᠭᠠᠰᠤᠨ ᠠᠵᠤ ᠠᠬᠤᠢ ᠶᠢᠨ ᠬᠠᠤᠯᠢ︾ ᠵᠢᠴᠢ ᠬᠤᠯᠪᠣᠭᠳᠠᠯ ᠪᠦᠬᠦᠢ ᠬᠠᠤᠯᠢ ᠴᠠᠭᠠᠵᠠ᠂ ᠬᠠᠤᠯᠢ ᠲᠣᠭᠲᠠᠭᠠᠯ ᠢ ᠦᠨᠳᠦᠰᠦᠯᠡᠨ᠂ ᠤᠢᠢᠯᠠ ᠪᠠᠶᠢᠳᠠᠯ ᠢ ᠨᠢ ᠦᠵᠡᠵᠦ ᠪᠠᠶᠢᠭᠠᠳ ᠠᠩᠨᠠᠵᠤ ᠱᠦᠭᠦᠭᠰᠡᠨ ᠵᠢᠭᠠᠰᠤ ᠪᠠ ᠬᠠᠤᠯᠢ ᠶᠢ ᠵᠥᠷᠢᠴᠡᠵᠦ ᠣᠯᠣᠭᠰᠠᠨ ᠣᠯᠵᠠ ᠠᠰᠢᠭ ᠢ ᠨᠢ ᠲᠤᠰ ᠲᠤᠰ ᠬᠤᠷᠢᠶᠠᠨ ᠠᠪᠴᠤ᠂ ᠵᠣᠭᠤᠰ ᠢᠶᠠᠷ ᠲᠣᠷᠭᠠᠬᠤ ᠶᠢ ᠬᠠᠪᠰᠣᠷᠭᠠᠨ᠎ᠠ᠃ ᠤᠢᠢᠯᠠ ᠪᠠᠶᠢᠳᠠᠯ  ᠨᠢ ᠬᠦᠨᠳᠦ ᠨᠣᠴᠢᠲᠠᠢ ᠪᠠᠶᠢᠪᠠᠯ᠂ ᠵᠢᠭᠠᠰᠤ ᠠᠩᠨᠠᠬᠤ ᠪᠠᠭᠠᠵᠢ ᠬᠡᠷᠡᠭᠯᠡᠭᠦᠷ ᠢ ᠨᠢ ᠬᠤᠷᠢᠶᠠᠨ ᠠᠪᠴᠤ᠂ ᠠᠩᠨᠠᠵᠤ ᠱᠦᠭᠦᠬᠦ ᠵᠥᠪᠰᠢᠶᠡᠷᠡᠯ ᠤᠨ ᠦᠨᠡᠮᠯᠡᠯ ᠢ ᠨᠢ ᠬᠤᠷᠢᠶᠠᠨ ᠠᠪᠴᠤ ᠬᠦᠴᠦᠨ ᠦᠭᠡᠢ ᠪᠣᠯᠭᠠᠨ᠎ᠠ᠂ ᠴᠢᠨᠠᠭᠰᠢᠯᠠᠪᠠᠯ ᠵᠢᠭᠠᠰᠤᠨ ᠣᠩᠭᠤᠴᠠ ᠶᠢ ᠨᠢ ᠬᠤᠴᠣᠷᠭᠠᠨ ᠠᠪᠬᠤ ᠪᠤᠶᠤ ᠬᠤᠷᠢᠶᠠᠨ ᠠᠪᠤᠨ᠎ᠠ᠃ ᠶᠠᠯ᠎ᠠ ᠪᠣᠯᠵᠤ ᠪᠦᠷᠢᠯᠳᠦᠭᠰᠡᠨ ᠪᠠᠶᠢᠪᠠᠯ ᠬᠠᠤᠯᠢ ᠶᠣᠰᠣᠭᠠᠷ ᠡᠷᠡᠭᠦᠦ ᠶᠢᠨ ᠬᠠᠷᠢᠭᠤᠴᠠᠯᠭ᠎ᠠ ᠨᠡᠬᠡᠮᠵᠢᠯᠡᠨ᠎ᠡ᠃      ᠳᠥᠷᠪᠡ᠂ ᠬᠡᠷᠡᠭᠵᠢᠭᠦᠯᠬᠦ ᠴᠠᠭ ᠬᠤᠭᠤᠴᠠᠭ᠎ᠠ       ᠲᠤᠰ ᠵᠠᠷᠯᠠᠯ ᠢ 2023 ᠣᠨ ᠤ 5 ᠰᠠᠷ᠎ᠠ ᠶᠢᠨ 1 ᠤ ᠡᠳᠦᠷ ᠠᠴᠠ ᠡᠬᠢᠯᠡᠵᠦ ᠬᠡᠷᠡᠭᠵᠢᠭᠦᠯᠦᠨ᠎ᠡ᠃       ᠬᠢᠨᠠᠯᠲᠠ ᠲᠠᠯᠪᠢᠬᠤ ᠤᠲᠠᠰᠤ᠄ 0482-7151812᠂ 0482-7122511 ᠪᠣᠯᠣᠨ᠎ᠠ                                       ᠡᠭᠦᠨ ᠤ ᠲᠤᠯᠠ ᠣᠨᠴᠠᠭᠠᠶᠢᠯᠠᠨ ᠵᠠᠷᠯᠠᠪᠠ᠃                                       2023 ᠣᠨ ᠤ 4 ᠰᠠᠷ᠎ᠠ ᠶᠢᠨ 24 ᠤ ᠡᠳᠣᠷ
 
ᠢᠷᠡᠯᠲᠡ᠄ ᠷᠡᠰᠢᠶᠠᠨ ᠬᠤᠳᠡ ᠶᠢᠨ ᠠᠷᠡᠳ ᠤᠨ ᠵᠠᠰᠠᠭ ᠤᠨ ᠣᠷᠳᠣᠨ ᠤ ᠠᠯᠪᠡᠨ ᠭᠡᠷ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号