ᠴᠠᠰᠥᠳᠥ ᠲᠤᠰᠬᠤᠨ ᠳᠤ ᠵᠢᠭᠤᠯᠴᠢᠯᠠᠭᠰᠠᠳ ᠤᠯᠠᠰᠢᠷᠠᠯ᠎ᠠ
ᠨᠡᠶᠢᠲᠡᠯᠡᠭᠰᠡᠨ ᠴᠠᠭ᠄
2023/12/27
     12 ᠰᠠᠷ᠎ᠠ ᠶᠢᠨ 21 ᠤ ᠡᠳᠥᠷ᠂ ᠰᠤᠷᠪᠤᠯᠵᠢᠯᠠᠭᠴᠢ ᠷᠠᠰᠢᠶᠠᠨ ᠬᠤᠳᠠ ᠶᠢᠨ ᠴᠠᠰᠥᠳᠥ ᠲᠤᠰᠬᠤᠨ ᠢᠶᠠᠷ ᠳᠤᠭᠤᠷᠢᠨ ᠦᠵᠡᠬᠦ ᠳᠤ᠂ ᠤᠯᠠᠨ ᠵᠢᠭᠤᠯᠴᠢᠯᠠᠭᠰᠠᠳ ᠰᠡᠬᠦᠳᠡᠷ ᠳᠡᠳᠡᠵᠤ ᠳᠤᠷᠠᠰᠬᠠᠯ ᠦᠯᠡᠳᠡᠭᠡᠵᠤ ᠪᠠᠶᠢᠬᠤ ᠶᠢ ᠤᠯᠵᠤ ᠬᠠᠷᠠᠯ᠎ᠠ᠃      ᠴᠠᠰᠥᠳᠥ ᠲᠤᠰᠬᠤᠨ ᠳᠤ ᠮᠦᠰᠥ ᠴᠠᠰᠥᠨ ᠤ ᠭᠤᠶᠤ ᠦᠵᠡᠮᠵᠢ ᠪᠠᠶᠢᠬᠤ ᠪᠠᠷ ᠪᠠᠷᠠᠬᠤ ᠦᠬᠡᠢ᠂ ᠦᠡᠭᠭᠡᠳᠥ ᠳ᠋ᠧᠩ ᠤᠨ ᠦᠵᠡᠬᠦᠯᠭᠡ᠂ ᠨᠤᠳᠤᠭ ᠤᠨ ᠭᠠᠷᠤᠯᠳᠠ ᠶᠢᠨ ᠴᠤᠭᠯᠠᠭ᠎ᠠ ᠮᠠᠶᠢᠮᠠᠢ᠂ ᠰᠡᠬᠦᠳᠡᠷ ᠳᠠᠳᠠᠬᠤ ᠭᠠᠵᠠᠷ᠂ ᠠᠮᠳᠠᠳᠥ ᠢᠳᠡᠭᠡᠨ ᠤ ᠭᠡᠷ ᠵᠡᠷᠭᠡ ᠭᠠᠵᠠᠷ ᠢ ᠳᠤᠬᠢᠷᠠᠭᠤᠯᠥᠨ᠂ ᠬᠤᠯᠠ ᠤᠶᠢᠷ᠎ᠠ ᠠᠴᠠ ᠬᠦᠷᠥᠯᠴᠡᠨ ᠢᠷᠡᠭᠰᠡᠨ ᠵᠢᠭᠤᠯᠴᠢᠯᠠᠭᠰᠠᠳ ᠲᠤ ᠴᠠᠰᠥᠳᠥ ᠲᠤᠰᠬᠤᠨ ᠢ ᠪᠡᠶᠡᠴᠢᠯᠡᠨ ᠤᠶᠢᠯᠠᠭᠠᠬᠤ ᠳᠤᠬᠢᠶᠠᠯ ᠤᠯᠭᠤᠭᠰᠠᠨ ᠪᠠᠶᠢᠨ᠎ᠠ᠃      ︽ᠪᠢᠳᠡ 16 ᠬᠦᠮᠥᠨ ᠭᠤᠸᠠᠩᠰᠢ ᠮᠤᠵᠢ ᠠᠴᠠ ᠢᠷᠡᠭᠰᠡᠨ ᠶᠤᠮ᠂ ᠲᠤᠰᠬᠠᠶᠢᠯᠠᠨ ᠡ᠊ᠨᠡ ᠵᠢᠯ ᠤᠨ ᠷᠠᠰᠢᠶᠠᠨ ᠬᠤᠳᠠ ᠳᠠᠬᠢ ᠮᠦᠰᠥ ᠴᠠᠰᠥᠨ ᠤ ᠨᠠᠶᠢᠷ ᠢ ᠰᠤᠨᠢᠷᠬᠠᠬᠤ ᠪᠠᠷ ᠢᠷᠡᠯ᠎ᠡ᠃ ᠡ᠊ᠨᠳᠡᠬᠢ ᠮᠦᠰᠥ ᠴᠠᠰᠥᠨ ᠤ ᠦᠵᠡᠮᠵᠢ ᠦᠨᠡᠭᠡᠷ ᠭᠤᠶᠤ ᠪᠠᠶᠢᠨ᠎ᠠ᠂ ᠷᠠᠰᠢᠶᠠᠨ ᠤ ᠤᠯᠠᠨ ᠲᠦᠮᠡᠨ ᠨᠡᠩ ᠴᠤ ᠬᠠᠯᠠᠭᠤᠮᠰᠤᠭ ᠪᠠᠶᠢᠨ᠎ᠠ᠃ ᠡ᠊ᠨᠡᠬᠦ ᠨᠠᠨᠳᠢᠨ ᠳᠤᠬᠢᠶᠠᠯ ᠢ ᠠᠮᠵᠢᠨ ᠷᠠᠰᠢᠶᠠᠨ ᠤ ᠡᠪᠤᠯ ᠤᠨ ᠦᠵᠡᠮᠵᠢ ᠶᠢ ᠰᠤᠨᠢᠷᠬᠠᠨ᠂ ᠠᠮᠳᠠᠳᠥ ᠢᠳᠡᠭᠡᠨ ᠢ ᠠᠮᠳᠠᠷᠬᠠᠨ᠂ ᠡ᠊ᠨᠳᠡᠬᠢ ᠠᠷᠠᠳ ᠤᠨ ᠵᠠᠩ ᠥᠢᠯᠡ ᠶᠢ ᠤᠶᠢᠯᠠᠭᠠᠶ᠎ᠠ︾ ᠭᠡᠵᠤ ᠵᠢᠭᠤᠯᠴᠢᠯᠠᠭᠴᠢ ᠸᠠᠩ ᠠᠪᠠᠭ᠋ᠠᠢ ᠰᠤᠷᠪᠤᠯᠵᠢᠯᠠᠭᠴᠢ ᠳᠤ ᠬᠡᠯᠡᠪᠡ᠃      ᠤᠶᠢᠯᠠᠭᠠᠭᠰᠠᠨ ᠢᠶᠠᠷ᠂ ᠡ᠊ᠨᠡ ᠵᠢᠯ ᠷᠠᠰᠢᠶᠠᠨ ᠤ ᠴᠠᠰᠥᠳᠥ ᠲᠤᠰᠬᠤᠨ ᠡᠯᠪᠡᠭ ᠪᠠᠶᠠᠯᠢᠭ ᠠᠭᠤᠯᠭ᠎ᠠ ᠳᠤᠬᠢᠷᠠᠭᠤᠯᠥᠨ᠂ ᠵᠢᠭᠤᠯᠴᠢᠯᠠᠭᠰᠠᠳ ᠲᠤ ᠦᠡᠭᠭᠡᠷᠡᠭᠰᠡᠨ ᠵᠢᠯ ᠲᠠᠢ ᠠᠳᠠᠯᠢ ᠪᠤᠰᠥ ᠲᠦᠷᠥᠭᠳᠡᠯ ᠤᠯᠭᠤᠵᠤ᠂ ᠷᠠᠰᠢᠶᠠᠨ ᠬᠤᠳᠠ ᠶᠢᠨ ᠡᠪᠤᠯ ᠤᠨ ᠤᠯᠠᠷᠢᠯ ᠤᠨ ᠭᠤᠶᠤ ᠰᠠᠶᠢᠬᠠᠨ ᠢ ᠨᠡᠩ ᠤᠯᠠᠨ ᠳᠠᠯ᠎ᠠ ᠠᠴᠠ ᠬᠠᠷᠠᠭᠤᠯᠤᠭᠰᠠᠨ ᠪᠠᠶᠢᠨ᠎ᠠ᠃      ᠡ᠊ᠨᠡ ᠵᠢᠯ ᠤᠨ ᠮᠦᠰᠥ ᠴᠠᠰᠥᠨ ᠤ ᠨᠠᠶᠢᠷ ᠲᠤ ᠬᠢᠷᠢᠨ ᠮᠤᠵᠢ᠂ ᠬᠠᠷᠠᠮᠦ᠋ᠷᠠᠨ ᠮᠤᠵᠢ᠂ ᠭᠤᠸᠠᠩᠰᠢ ᠮᠤᠵᠢ᠂ ᠬᠦᠯᠥᠨ ᠪᠤᠶᠢᠷ᠂ ᠲᠦᠡᠭᠯᠢᠶᠥᠥ ᠵᠡᠷᠭᠡ ᠤᠯᠠᠨ ᠭᠠᠵᠠᠷ ᠤᠨ ᠵᠢᠭᠤᠯᠴᠢᠯᠠᠭᠰᠠᠳ ᠬᠦᠷᠥᠯᠴᠡᠨ ᠢᠷᠡᠵᠤ᠂ ᠦᠨᠥ ᠴᠠᠰᠥᠳᠥ ᠲᠤᠰᠬᠤᠨ ᠢ ᠬᠦᠷ ᠬᠦᠭᠵᠢᠶᠡᠨ ᠢᠶᠠᠷ ᠪᠢᠯᠬᠠᠭᠤᠯᠤᠭᠰᠠᠨ ᠪᠠᠶᠢᠨ᠎ᠠ᠃
 
ᠢᠷᠡᠯᠲᠡ᠄ ᠬᠢᠩᠭᠠᠨ ᠤ ᠡᠳᠣᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号