ᠭᠠᠨ ᠸᠧᠨ ᠪᠤᠯ ᠪᠡᠬᠡᠵᠢᠩ ᠬᠤᠳᠠ ᠶᠢᠨ ᠳ᠋ᠦ᠋ᠩᠴᠧᠩ ᠲᠤᠭᠤᠷᠢᠭ ᠤᠨ ᠨᠢᠬᠡᠳᠦᠭᠡᠷ ᠠᠷᠠᠳ ᠤᠨ ᠡᠮᠨᠡᠯᠬᠡ ᠶᠢᠨ | ᠬᠤᠷᠢᠶ᠎ᠠ ᠶᠢᠨ ᠬᠢᠳᠡᠳ ᠡᠮᠨᠡᠯᠬᠡ ᠶᠢᠨ ᠶᠠᠰᠦᠨ ᠰᠠᠯᠠᠭᠠᠨ ᠤ ᠡᠮᠴᠢ ᠮᠦᠷᠳᠡᠭᠡᠨ ᠷᠠᠰᠢᠶᠠᠨ ᠬᠤᠳᠠ ᠶᠢᠨ ᠮᠤᠩᠭᠤᠯ | ᠬᠢᠳᠡᠳ ᠡᠮᠨᠡᠯᠬᠡ ᠶᠢᠨ ᠬᠤᠷᠢᠶ᠎ᠠ ᠶᠢᠨ ᠲᠡᠳ᠋ ᠬᠤᠷᠢᠶᠠᠨ ᠲᠠᠷᠤᠭ᠎ᠠ ᠪᠤᠯᠤᠨ᠎ᠠ᠃ 2022 ᠤᠨ ᠤ 12 ᠰᠠᠷ᠎ᠠ ᠳᠤ᠂ | ᠰᠢᠨ᠎ᠡ ᠲᠢᠳᠢᠮᠯᠢᠭ ᠠᠭᠤᠰᠬᠢᠨ ᠦᠷᠪᠢᠰᠦᠯ ᠤᠨ ᠬᠢᠵᠢᠭ ᠲᠠᠯᠬᠡᠷᠡᠵᠦ ᠪᠠᠶᠢᠭ᠎ᠠ ᠦᠶ᠎ᠡ ᠳᠤ ᠵᠠᠯᠠᠭᠤ ᠡᠮᠴᠢ ᠭᠠᠨ ᠸᠧᠨ | ᠡᠬᠡ ᠤᠯᠤᠰ ᠤᠨ ᠤᠮᠠᠷᠠᠳᠤ ᠬᠢᠯᠢ ᠶᠢᠨ ᠪᠠᠭ᠎ᠠ ᠬᠤᠳᠠ ᠷᠠᠰᠢᠶᠠᠨ ᠳᠤ ᠢᠷᠡᠭᠰᠡᠨ ᠪᠠᠶᠢᠨ᠎ᠠ᠃ | ᠷᠠᠰᠢᠶᠠᠨ ᠬᠤᠳᠠ ᠡᠬᠡ ᠤᠯᠤᠰ ᠤᠨ ᠤᠮᠠᠷᠠᠳᠤ ᠬᠢᠯᠢ ᠳᠤ ᠪᠠᠶᠢᠷᠢᠰᠢᠵᠦ᠂ ᠭᠠᠵᠠᠷ ᠠᠭᠤᠳᠠᠮ ᠬᠦᠮᠦᠨ ᠠᠮᠠ | ᠴᠦᠭᠡᠨ᠂ ᠠᠭᠤᠷ ᠠᠮᠢᠰᠬᠤᠯ ᠤᠨ ᠨᠦᠬᠦᠴᠡᠯ ᠬᠠᠳᠠᠭᠤᠵᠢᠯᠳᠠᠢ ᠪᠠᠶᠢᠵᠦ᠂ ᠬᠢᠳᠡᠳ ᠡᠮ ᠡᠮᠨᠡᠯᠬᠡ ᠶᠢᠨ ᠴᠢᠳᠠᠪᠦᠷᠢᠳᠠᠨ | ᠲᠦᠢᠯ ᠢᠶᠠᠷ ᠲᠤᠳᠠᠬᠳᠠᠵᠦ ᠪᠠᠶᠢᠳᠠᠭ᠃ ᠡᠨᠡᠬᠦ ᠬᠢᠯᠢ ᠬᠢᠵᠠᠭᠠᠷ ᠬᠤᠳᠠ ᠶᠢᠨ ᠠᠷᠠᠳ ᠤᠯᠠᠨ ᠤ ᠡᠪᠡᠳᠴᠢᠨ | ᠦᠵᠡᠬᠦᠯᠬᠦ ᠳᠤ ᠲᠦᠬᠦᠮ ᠦᠵᠡᠬᠦᠯᠬᠦ ᠶᠢᠨ ᠲᠦᠯᠦᠭᠡ ᠭᠠᠨ ᠸᠧᠨ ᠬᠦᠭᠵᠢᠶᠡᠨ ᠨᠠᠷᠬᠢᠶᠠᠨᠳᠠᠢ ᠪᠡᠬᠡᠵᠢᠩ ᠬᠤᠳᠠ ᠠᠴᠠ | ᠬᠢᠯᠢ ᠶᠢᠨ ᠬᠤᠳᠠ ᠷᠠᠰᠢᠶᠠᠨ ᠳᠤ ᠢᠷᠡᠭᠰᠡᠨ ᠪᠢᠯᠡ᠃ | ᠦᠨᠳᠦᠰᠦᠨ ᠱᠠᠳᠦᠨ ᠳᠤ ᠬᠦᠨᠵᠡᠬᠡᠶᠢᠷᠡᠨ ᠠᠷᠠᠳ ᠲᠤ ᠪᠤᠳᠠᠳᠤ ᠶᠠᠪᠤᠳᠠᠯ ᠬᠢᠵᠦ ᠦᠭᠬᠦᠨ᠎ᠡ᠃ ᠭᠠᠨ ᠸᠧᠨ | ᠲᠤᠬᠠᠢ ᠶᠢᠨ ᠭᠠᠵᠠᠷ ᠤᠨ ᠤᠯᠠᠨ ᠲᠦᠮᠡᠨ ᠤ ᠡᠷᠡᠬᠦᠯ ᠮᠡᠨᠳᠤ ᠶᠢᠨ ᠪᠠᠶᠢᠳᠠᠯ ᠢ ᠦᠳᠳᠡᠷ ᠲᠦᠷᠬᠡᠨ ᠤᠶᠢᠯᠠᠭᠠᠵᠦ᠂ | ᠬᠠᠪᠰᠦᠷᠦᠨ ᠲᠡᠳᠬᠦᠬᠦ ᠲᠦᠯᠦᠪᠯᠡᠭᠡ ᠲᠤᠬᠳᠠᠭᠠᠬᠤ ᠶᠢᠨ ᠲᠦᠯᠦᠬᠡ᠂ ᠤᠷᠢᠳ ᠬᠤᠵᠢᠳ ᠡᠯ᠎ᠡ ᠰᠢᠶᠠᠩ | ᠪᠠᠯᠭᠠᠰᠦ ᠪᠠᠷ ᠬᠦᠷᠴᠦ᠂ ᠠᠯᠪᠠᠨ ᠵᠢᠷᠦᠮ ᠤᠨ ᠡᠮᠴᠢᠯᠡᠭᠡ ᠬᠢᠭᠦ ᠶᠢᠨ ᠬᠠᠮᠳᠥ ᠪᠠᠶᠢᠴᠠᠭᠠᠨ ᠰᠤᠳᠤᠯᠬᠤ ᠠᠵᠢᠯ | ᠦᠷᠨᠢᠬᠦᠯᠵᠡᠢ᠃ ᠲᠡᠷᠡᠪᠡᠷ ᠰᠤᠳᠤᠯᠤᠨ ᠪᠠᠶᠢᠴᠠᠭᠠᠬᠤ ᠪᠠᠷ ᠲᠠᠮᠵᠢᠨ ᠷᠠᠰᠢᠶᠠᠨ ᠤᠷᠤᠨ ᠨᠢ ᠵᠢᠯ ᠲᠤᠷᠰᠢ ᠠᠭᠠᠷ ᠤᠨ | ᠲᠤᠯᠠᠭᠠᠨ ᠲᠤᠤᠷ᠎ᠠ᠂ ᠰᠠᠭᠤᠭᠠᠯᠢ ᠠᠷᠠᠳ ᠤᠨ ᠬᠦᠯ ᠭᠠᠷ ᠦᠶ᠎ᠡ ᠬᠡᠰᠢᠬᠦᠦ ᠨᠢ ᠠᠮᠠᠷᠬᠠᠨ ᠡᠪᠡᠳᠬᠦ᠂ ᠭᠤᠤᠯ | ᠨᠢᠷᠤᠭᠤᠨ ᠶᠠᠰᠦ ᠡᠪᠡᠳᠬᠦ ᠵᠡᠷᠭᠡ ᠦᠶ᠎ᠡ ᠬᠡᠰᠢᠬᠦᠦ ᠡᠪᠡᠳᠬᠦ ᠡᠪᠡᠳᠴᠢᠨ ᠤᠯᠠᠨ ᠡᠬᠦᠰᠴᠦ᠂ ᠤᠯᠠᠩᠬᠢ ᠨᠢ ᠤᠯᠠᠨ | ᠵᠢᠯ ᠡᠳᠡᠭᠡᠷᠡᠬᠦ ᠲᠤᠷ᠎ᠠ ᠦᠬᠡᠢ ᠲᠡᠷᠡᠴᠢᠯᠡᠨ ᠵᠡᠮᠳᠡᠭ ᠪᠤᠯᠤᠬᠰᠠᠨ ᠡᠪᠡᠳᠴᠢᠳᠡᠨ ᠴᠤ ᠪᠠᠶᠢᠳᠠᠭ ᠢ ᠤᠯᠵᠦ ᠮᠠᠳᠡᠭᠰᠡᠨ | ᠪᠠᠶᠢᠨ᠎ᠠ᠃ ᠭᠠᠨ ᠸᠧᠨ ᠡᠯ᠎ᠡ ᠰᠢᠶᠠᠩ ᠪᠠᠯᠭᠠᠰᠦ ᠪᠠᠷ ᠬᠦᠷᠴᠦ ︽ᠦᠷᠬᠦᠯᠵᠢ ᠲᠤᠬᠢᠶᠠᠯᠳᠤᠳᠠᠭ ᠦᠶ᠎ᠡ ᠬᠡᠰᠢᠬᠦᠦ ᠶᠢᠨ | ᠡᠪᠡᠳᠴᠢᠨ ᠢ ᠤᠷᠢᠳᠴᠢᠯᠠᠨ ᠰᠡᠷᠬᠡᠶᠢᠯᠡᠬᠦ︾ ᠰᠢᠷᠢᠰ ᠮᠡᠳᠡᠯᠬᠡ ᠶᠢᠨ ᠲᠠᠶᠢᠯᠦᠮᠵᠢ ᠬᠢᠬᠦ ᠶᠢᠨ ᠵᠡᠷᠭᠡ ᠦᠶ᠎ᠡ ᠬᠡᠰᠢᠬᠦᠦ | ᠡᠪᠡᠳᠬᠦ ᠶᠢ ᠨᠠᠮᠳᠠᠭᠠᠬᠤ ᠳᠤ ᠬᠡᠷᠡᠭᠯᠡᠬᠦ ᠬᠢᠳᠡᠳ ᠡᠮ ᠤᠨ ᠵᠤᠷ ᠪᠠ ᠦᠶ᠎ᠡ ᠬᠡᠰᠢᠬᠦᠦ ᠶᠢᠨ ᠡᠪᠡᠳᠴᠢᠨ ᠢ ᠤᠷᠢᠳᠴᠢᠯᠠᠨ | ᠰᠡᠷᠬᠡᠶᠢᠯᠡᠬᠦ ᠡᠷᠡᠬᠦᠯ ᠮᠡᠨᠳᠤ ᠶᠢᠨ ᠭᠠᠷ ᠲᠡᠪᠳᠡᠷ ᠨᠠᠶᠢᠷᠠᠭᠤᠯᠪᠠ᠃ ᠦᠨᠳᠦᠰᠦᠨ ᠱᠠᠳᠦᠨ ᠤ ᠪᠤᠰᠤᠳ ᠦᠷᠬᠦᠯᠵᠢ | ᠲᠤᠬᠢᠶᠠᠯᠳᠤᠬᠤ ᠡᠪᠡᠳᠴᠢᠨ ᠢ ᠵᠡᠬᠦᠦ ᠲᠦᠬᠡᠨᠡᠯᠬᠡ᠂ ᠲᠠᠩ ᠡᠮ ᠪᠤᠯᠤᠨ ᠬᠢᠳᠡᠳ ᠡᠮ ᠡᠮᠨᠡᠯᠬᠡ ᠶᠢᠨ ᠮᠡᠷᠬᠡᠵᠢᠯ ᠢᠶᠠᠷ | ᠵᠠᠰᠠᠵᠤ᠂ ᠡᠪᠡᠳᠴᠢᠳᠡᠳ ᠲᠤ ᠲᠤᠳᠤᠨᠤ ᠡᠮᠴᠢᠯᠡᠬᠡᠨ ᠤ ᠦᠢᠯᠡᠴᠢᠯᠡᠭᠡ ᠬᠠᠨᠭ᠍ᠭᠠᠬᠰᠠᠨ ᠪᠠᠶᠢᠨ᠎ᠠ᠃ | ᠭᠠᠨ ᠸᠧᠨ ᠷᠠᠰᠢᠶᠠᠨ ᠬᠤᠳᠠ ᠶᠢ ᠬᠠᠪᠰᠤᠷᠤᠨ ᠲᠡᠳᠭᠦᠬᠦ ᠪᠠᠷ ᠢᠷᠡᠭᠰᠡᠨ ᠵᠢᠯ ᠭᠠᠷᠤᠢ ᠬᠤᠭᠤᠴᠠᠭᠠᠨ ᠳᠤ᠂ | 4000 ᠭᠠᠷᠦᠢ ᠡᠪᠡᠳᠴᠢᠳᠡᠨ ᠳᠤ ᠦᠢᠯᠡᠴᠢᠯᠡᠵᠦ᠂ ᠲᠤᠬᠠᠢ ᠶᠢᠨ ᠭᠠᠵᠠᠷ ᠤᠨ ᠬᠦᠮᠦᠰ ᠤᠨ ᠬᠠᠯᠠᠭᠤᠨ | ᠬᠦᠷᠢᠶᠡᠯᠡᠯ ᠢ ᠬᠦᠷᠳᠡᠪᠡ᠃ | ᠭᠠᠨ ᠸᠧᠨ ᠡᠮᠴᠢᠯᠡᠬᠡᠨ ᠤ ᠠᠵᠢᠯ ᠠᠴᠠ ᠪᠠᠨ ᠭᠠᠳᠠᠨ᠎ᠠ ᠪᠠᠰᠠ ᠲᠤᠬᠠᠢ ᠶᠢᠨ ᠭᠠᠵᠠᠷ ᠤᠨ ᠡᠮᠴᠢ ᠨᠠᠷ ᠤᠨ | ᠡᠮᠴᠢᠯᠡᠬᠡᠨ ᠤ ᠮᠡᠷᠬᠡᠵᠢᠯ ᠤᠨ ᠬᠢᠷᠢ ᠲᠦᠪᠰᠢᠨ ᠢ ᠲᠡᠭᠡᠭᠰᠢᠯᠡᠬᠦᠯᠬᠦ ᠪᠠᠷ ᠴᠢᠷᠮᠠᠶᠢᠬᠰᠠᠭᠠᠷ ᠢᠷᠡᠪᠡ᠃ ᠲᠡᠷᠡ ᠤᠨᠴᠠᠭᠠᠢ | ᠡᠪᠡᠳᠴᠢᠨ ᠤ ᠵᠢᠱᠢᠶ᠎ᠡ ᠲᠤᠬᠢᠶᠠᠯᠳᠤᠪᠠᠯ ᠰᠠᠯᠠᠭ᠎ᠠ ᠲᠠᠰᠤᠭ ᠤᠨ ᠢᠶᠠᠨ ᠡᠮᠴᠢᠯᠡᠬᠡᠨ ᠤ ᠠᠵᠢᠯᠳᠠᠳ ᠢᠶᠠᠨ ᠵᠤᠬᠢᠶᠠᠨ | ᠪᠠᠶᠢᠭᠤᠯᠵᠦ ᠰᠤᠳᠤᠯᠤᠨ ᠶᠠᠷᠢᠯᠴᠠᠳᠠᠭ᠃ ᠭᠠᠨ ᠸᠧᠨ ᠡᠮᠴᠢ ᠲᠤᠬᠠᠢ ᠶᠢᠨ ᠭᠠᠵᠠᠷ ᠤᠨ ᠤᠯᠠᠨ ᠡᠬᠦᠰᠳᠡᠭ ᠡᠪᠡᠳᠴᠢᠨ | ᠂ ᠪᠠᠶᠢᠡᠭᠭᠤ ᠲᠤᠬᠢᠶᠠᠯᠳᠤᠳᠠᠭ ᠡᠪᠡᠳᠴᠢᠨ ᠳᠤ ᠬᠡᠷᠡᠭᠯᠡᠬᠦ ᠡᠮ ᠤᠨ ᠪᠠᠶᠢᠳᠠᠯ ᠢ ᠦᠨᠳᠦᠰᠦᠯᠡᠨ᠂ ᠬᠢᠳᠡᠳ ᠡᠮ ᠤᠨ | ᠦᠷᠦᠬᠡ ᠶᠢ ᠦᠷᠭᠡᠳᠬᠡᠨ ᠪᠠᠶᠢᠭᠤᠯᠵᠦ᠂ ᠬᠢᠳᠡᠳ ᠡᠮ ᠤᠨ ᠦᠷᠦᠬᠡ ᠶᠢᠨ ᠡᠮ ᠤᠨ ᠲᠦᠷᠦᠯ ᠵᠦᠢᠯ ᠢ | ᠨᠡᠮᠡᠭᠳᠡᠬᠦᠯᠦᠭᠰᠡᠨ ᠤ ᠬᠠᠮᠳᠤ ᠡᠯ᠎ᠡ ᠰᠢᠶᠠᠩ ᠪᠠᠯᠭᠠᠰᠦᠨ ᠤ ᠡᠷᠡᠬᠦᠯ ᠬᠠᠮᠠᠭᠠᠯᠠᠯ ᠤᠨ ᠬᠤᠷᠢᠶᠠᠨ ᠳᠤ ᠬᠦᠷᠴᠦ᠂ ᠬᠢᠳᠡᠳ | ᠡᠮᠨᠡᠯᠬᠡ ᠶᠢᠨ ᠮᠡᠷᠬᠡᠵᠢᠯ ᠤᠨ ᠪᠤᠯᠪᠠᠰᠦᠷᠠᠯ ᠬᠢᠭᠰᠡᠨ ᠪᠠᠶᠢᠨ᠎ᠠ᠃ ᠲᠡᠷᠡ ᠨᠢᠬᠡ ᠵᠢᠯ ᠤᠨ ᠲᠤᠷᠰᠢ᠂ ᠲᠢᠶᠠᠨ ᠤᠤᠢ | ᠪᠠᠯᠭᠠᠰᠦ᠂ ᠪᠠᠢ ᠯᠠᠩ ᠪᠠᠯᠭᠠᠰᠦ᠂ ᠡᠤ ᠴᠠ ᠭᠸᠤ ᠪᠠᠯᠭᠠᠰᠦ᠂ ᠮᠢᠩ ᠱᠦᠢ ᠡᠾᠤ ᠪᠠᠯᠭᠠᠰᠦ ᠪᠠᠷ ᠵᠢᠭᠠᠨ ᠰᠤᠷᠭᠠᠯᠳᠠ | ᠪᠠ ᠠᠯᠪᠠᠨ ᠵᠢᠷᠦᠮ ᠤᠨ ᠡᠮᠴᠢᠯᠡᠭᠡ ᠬᠢᠵᠦ ᠶᠠᠪᠤᠵᠠᠢ᠃ | ᠤᠶᠢᠷ᠎ᠠ ᠶᠢᠨ ᠬᠡᠳᠦᠨ ᠵᠢᠯ ᠠᠴᠠ ᠨᠠᠭᠠᠰᠢ᠂ ᠷᠠᠰᠢᠶᠠᠨ ᠬᠤᠳᠠ ᠤᠯᠤᠰ ᠤᠨ ᠲᠡᠰ ᠤᠨ ᠵᠢᠭᠤᠯᠴᠢᠯᠠᠯ ᠤᠨ | ᠤᠷᠤᠨ ᠢ ᠢᠳᠡᠪᠬᠢᠳᠡᠢ ᠡᠬᠦᠳᠦᠨ ᠪᠠᠶᠢᠭᠤᠯᠵᠦ᠂ ᠭᠠᠨ ᠸᠧᠨ ᠡᠮᠴᠢ ᠵᠠᠰᠠᠭ ᠤᠨ ᠤᠷᠳᠤᠨ ᠪᠤᠯᠤᠨ ᠵᠤᠴᠢᠳ ᠤᠨ | ᠪᠠᠭᠤᠳᠠᠯ ᠲᠠᠢ ᠬᠠᠮᠵᠢᠯᠴᠠᠨ᠂ ᠷᠠᠰᠢᠶᠠᠨ ᠬᠤᠳᠠ ᠶᠢᠨ ᠲᠤᠬᠠᠢ ᠶᠢᠨ ᠭᠠᠵᠠᠷ ᠤᠨ ᠡᠮ ᠤᠨ ᠮᠠᠲᠤᠷᠢᠶᠠᠯ ᠳᠤ | ᠰᠠᠭᠤᠷᠢᠯᠠᠨ ᠬᠢᠳᠡᠳ ᠡᠮᠨᠡᠯᠬᠡ ᠶᠢᠨ ᠲᠦᠷᠪᠡᠨ ᠤᠯᠠᠷᠢᠯ ᠤᠨ ᠪᠡᠶ᠎ᠡ ᠰᠤᠪᠢᠯᠠᠬᠤ ᠤᠨᠤᠯ ᠲᠠᠢ ᠤᠶᠠᠯᠳᠤᠭᠤᠯᠵᠦ᠂ | ᠲᠦᠷᠪᠡᠨ ᠤᠯᠠᠷᠢᠯ ᠤᠨ ᠪᠡᠶ᠎ᠡ ᠰᠤᠪᠢᠯᠠᠬᠤ ᠬᠤᠭᠤᠯᠠ ᠶᠢ ᠰᠤᠳᠤᠯᠤᠨ ᠨᠡᠬᠡᠬᠡᠵᠦ᠂ ᠵᠢᠭᠤᠯᠴᠢᠯᠠᠭᠰᠠᠳ ᠤᠨ ᠬᠠᠯᠠᠭᠤᠨ | ᠬᠦᠷᠢᠶᠡᠯᠡᠯ ᠢ ᠤᠯᠵᠦ ᠪᠠᠶᠢᠨ᠎ᠠ᠃ | ᠡᠨᠡ ᠵᠢᠯ ᠤᠨ 8 ᠰᠠᠷ᠎ᠠ ᠳᠤ᠂ ᠠᠶᠢᠮᠠᠭ ᠤᠨ ᠨᠠᠮ ᠤᠨ ᠬᠤᠷᠢᠶ᠎ᠠ᠂ ᠠᠶᠢᠮᠠᠭ ᠤᠨ ᠵᠠᠬᠢᠷᠭ᠎ᠠ ᠠᠴᠠ ᠭᠠᠨ ᠸᠧᠨ | ᠡᠮᠴᠢ ᠳᠤ ᠡᠷᠡᠬᠦᠯ ᠬᠠᠮᠠᠭᠠᠯᠠᠯ ᠤᠨ ᠴᠢᠳᠠᠪᠦᠷᠢᠳᠠᠨ ᠤ ᠱᠠᠩᠨᠠᠯ ᠢ ᠤᠯᠭᠤᠵᠤ᠂ 10 ᠰᠠᠷ᠎ᠠ ᠳᠤ᠂ ᠷᠠᠰᠢᠶᠠᠨ | ᠬᠤᠳᠠ ᠶᠢᠨ ᠠᠷᠠᠳ ᠤᠨ ᠶᠠᠪᠤᠳᠠᠯ ᠤᠨ ᠲᠤᠪᠴᠢᠶ᠎ᠠ ᠪᠤᠯᠤᠨ ᠡᠷᠡᠬᠦᠯ ᠬᠠᠮᠠᠭᠠᠯᠠᠯ ᠡᠷᠡᠬᠦᠯ ᠮᠡᠨᠳᠤ ᠶᠢᠨ ᠵᠦᠪᠯᠡᠯ ᠠᠴᠠ | ᠭᠠᠨ ᠸᠧᠨ ᠡᠮᠴᠢ ᠳᠤ ︽ᠪᠦᠬᠦ ᠬᠤᠳᠠ ᠶᠢᠨ ᠬᠠᠮᠤᠭ ᠭᠤᠶᠤ ᠡᠮᠴᠢ︾ ᠶᠢᠨ ᠢᠷᠠᠭᠤ ᠠᠯᠳᠠᠷ ᠢ ᠤᠯᠭᠤᠪᠠ᠃ | | | | ᠵᠢᠷᠤᠭ ᠪᠤᠯ᠂ ᠭᠠᠨ ᠸᠧᠨ ᠡᠮᠴᠢ ᠬᠠᠮᠳᠤ ᠠᠵᠢᠯᠯᠠᠬᠰᠠᠳ ᠲᠠᠢ ᠪᠠᠨ ᠪᠤᠢ᠃ · ᠰᠡᠷᠬᠦᠯᠡᠩ · | | |