ᠷᠠᠰᠢᠶᠠᠨ ᠮᠠᠰᠢ ᠬᠦᠢᠲᠡᠨ ᠪᠠᠶᠢᠵᠤ᠂ ᠮᠢᠩᠭᠠᠨ ᠭᠠᠵᠠᠷ ᠮᠥᠰᠥ ᠬᠥᠯᠳᠡᠭᠡᠳ ᠲᠦᠮᠡᠨ ᠭᠠᠵᠠᠷ ᠴᠠᠰᠤ | ᠯᠠᠪᠰᠠᠯᠠᠨ᠎ᠠ᠃ ᠷᠠᠰᠢᠶᠠᠨ ᠳᠤ ᠮᠠᠰᠢ ︽ᠲᠣᠯᠠᠭᠠᠨ︾᠂ ᠲᠦᠷᠪᠡᠨ ᠵᠦᠭ ᠨᠠᠢᠮᠠᠨ ᠵᠣᠪᠬᠢᠰ ᠠᠴᠠ ᠬᠦᠷᠦᠯᠴᠡᠨ | ᠢᠷᠡᠭᠰᠡᠳ᠂ ᠵᠤᠭᠠᠴᠠᠨ ᠲᠣᠭᠤᠷᠢᠬᠤ ᠤᠷᠮ᠎ᠠ ᠪᠠᠬ᠎ᠠ ᠪᠠᠷ ᠪᠢᠯᠬᠠᠮ᠎ᠠ ᠪᠠᠶᠢᠨ᠎ᠠ᠃ 12 ᠰᠠᠷ᠎ᠠ ᠶᠢᠨ 22 ᠤᠨ | ᠡᠳᠦᠷ ᠤᠨ 8 ᠴᠠᠭ ᠤᠨ ᠦᠶ᠎ᠡ ᠪᠠᠷ᠂ ᠮᠦᠭᠳᠡᠨ ᠤ ᠬᠤᠶᠢᠲᠤ ᠦᠷᠳᠡᠭᠡ ᠠᠴᠠ ᠮᠤᠷᠳᠠᠭᠰᠠᠨ 2023 ᠣᠨ ᠤ | ᠷᠠᠰᠢᠶᠠᠨ ᠤ ᠮᠥᠰᠥ ᠴᠠᠰᠤᠨ ᠤ ᠨᠠᠶᠢᠷ ᠤᠨ ᠲᠤᠰᠬᠠᠢ ᠭᠠᠯᠲᠤ ᠲᠡᠷᠭᠡ ᠰᠢᠭᠤᠳ ᠰᠢᠯᠤᠭᠤᠨ ᠢᠶᠠᠷ ᠷᠠᠰᠢᠶᠠᠨ ᠳᠤ | ᠬᠦᠷᠴᠦ ᠢᠷᠡᠬᠦ ᠳᠤ᠂ ᠲᠠᠯ᠎ᠠ ᠨᠤᠲᠤᠭ ᠤᠨ ᠰᠦᠷ ᠵᠢᠪᠬᠤᠯᠠᠩᠳᠤ ᠳᠠᠭᠤᠤ ᠶᠢ ᠳᠠᠭᠠᠯᠳᠤᠨ ᠵᠤᠭᠠᠴᠠᠭᠰᠠᠳ᠂ | ᠷᠠᠰᠢᠶᠠᠨ ᠤ ᠤᠯᠠᠭᠠᠨᠮᠥ᠋ᠴᠢᠷ ᠤᠨ ᠠᠵᠢᠯᠲᠠᠳ ᠤᠨ ᠬᠦᠷᠭᠡᠭᠰᠡᠨ ᠬᠥᠬᠡ ᠬᠠᠳᠠᠭ ᠢ ᠲᠤᠰᠴᠤ ᠠᠪᠤᠯ᠎ᠠ᠃ ᠵᠧᠵᠢᠶᠠᠩ᠂ | ᠱᠠᠩᠬᠠᠢ᠂ ᠭᠤᠸᠠᠩᠳᠦ᠋ᠩ ᠵᠡᠷᠭᠡ ᠭᠠᠵᠠᠷ ᠠᠴᠠ ᠢᠷᠡᠭᠰᠡᠨ 300 ᠭᠠᠷᠤᠢ ᠵᠤᠭᠠᠴᠠᠭᠴᠢ ᠮᠥᠩᠭᠦᠨ ᠴᠠᠭᠠᠨ | ᠬᠤᠶᠠᠭ ᠲᠠᠢ ︽ᠬᠡᠦᠬᠡᠳ ᠤᠨ ᠦᠯᠢᠭᠡᠷ ᠤᠨ ᠶᠢᠷᠲᠢᠨᠴᠦ︾ ᠰᠢᠭ᠋ ᠷᠠᠰᠢᠶᠠᠨ ᠳᠤ ᠢᠷᠡᠵᠦ ᠮᠥᠰᠥ ᠴᠠᠰᠤᠨ ᠤ | ᠭᠠᠶᠢᠬᠠᠮᠰᠢᠭᠲᠤ ︽ᠲᠤᠮᠤᠭ︾ ᠢ ᠰᠤᠨᠢᠷᠬᠠᠨ᠎ᠠ᠃ | | ︽ᠪᠢ ᠴᠠᠰᠤᠨ ᠳᠤ ᠭᠤᠯᠭᠤᠬᠤ ᠳᠤᠷᠠᠲᠠᠢ ᠬᠥᠮᠥᠨ᠂ ᠷᠠᠰᠢᠶᠠᠨ ᠬᠤᠲᠠ ᠶᠢᠨ ᠨᠡᠷ᠎ᠡ ᠶᠢ ᠰᠣᠨᠣᠰᠤᠭᠠᠳ | ᠤᠳᠠᠯ᠎ᠠ᠃ ᠮᠢᠨᠤ ᠬᠠᠮᠤᠭ ᠤᠨ ᠳᠤᠷᠠᠲᠠᠢ ᠴᠠᠰᠤᠨ ᠳᠤ ᠭᠤᠯᠭᠤᠬᠤ ᠲᠠᠮᠢᠷᠴᠢᠨ ᠡ᠊ᠨᠳᠡ ᠪᠣᠯᠪᠠᠰᠤᠷᠠᠯ ᠳᠤ ᠣᠷᠣᠯᠴᠠᠵᠤ | ᠥᠩᠭᠡᠷᠡᠭᠰᠡᠨ᠂ ᠭᠤᠸᠠᠩᠵᠧᠦ ᠳᠤ ᠡᠶᠢᠮᠦ ᠣᠯᠠᠨ ᠴᠠᠰᠤ ᠶᠢ ᠵᠥᠪᠬᠡᠨ ᠴᠠᠰᠤᠨ ᠳᠤ ᠭᠤᠯᠭᠤᠬᠤ ᠲᠠᠯᠠᠪᠠᠶ ᠠᠴᠠ ᠯᠠ | ᠣᠯᠵᠤ ᠦᠵᠡᠳᠡᠭ᠂ ᠭᠡᠪᠡᠴᠦ ᠡ᠊ᠨᠳᠡ ᠪᠠᠶᠢᠭᠠᠯᠢ ᠶᠢᠨ ᠥᠩᠭᠡ ᠦᠵᠡᠮᠵᠢ ᠪᠠ ᠬᠤᠲᠠ ᠶᠢᠨ ᠦᠵᠡᠮᠵᠢ ᠶᠢᠨ | ᠤᠶᠠᠯᠳᠤᠯ ᠪᠠᠶᠢᠵᠤ᠂ ᠦᠨᠡᠬᠡᠷ ᠬᠥᠮᠥᠨ ᠢ ᠰᠣᠭᠲᠣᠭᠤᠷᠠᠭᠤᠯᠤᠨ᠎ᠠ᠂ ᠪᠢ ᠷᠠᠰᠢᠶᠠᠨ ᠳᠤ ᠬᠠᠨᠤᠳᠠᠯ᠎ᠠ ᠨᠠᠭᠠᠳᠤᠨ᠎ᠠ ᠁ | ︾ ᠭᠡᠵᠦ ᠭᠤᠸᠠᠩᠵᠧᠦ ᠠᠴᠠ ᠢᠷᠡᠭᠰᠡᠨ ᠵᠤᠭᠠᠴᠠᠭᠴᠢ ᠯᠢᠦ ᠠᠪᠠᠭ᠋ᠠᠢ ᠰᠤᠷᠪᠤᠯᠵᠢᠯᠠᠭᠴᠢ ᠳᠤ ᠶᠠᠷᠢᠯ᠎ᠠ᠃ | | ︽ᠰᠦᠯᠵᠢᠶᠡᠨ ᠳᠡᠭᠡᠷ᠎ᠡ ᠠᠴᠠ ᠷᠠᠰᠢᠶᠠᠨ ᠤ ᠦᠵᠡᠮᠵᠢ ᠶᠢ ᠤᠯᠠᠨᠳᠠ ᠬᠠᠷᠠᠪᠠ᠂ ᠰᠦᠨᠢ ᠶᠢᠨ ᠵᠡᠭᠦᠳᠦ ᠡᠳᠦᠷ | ᠤᠨ ᠪᠤᠳᠤᠯ ᠳᠠᠬᠢ ᠵᠤᠭᠠᠴᠠᠯ ᠤᠨ ᠤᠷᠤᠨ᠂ ᠦᠵᠡᠰᠬᠦᠯᠡᠩᠲᠦ ᠰᠠᠶᠢᠬᠠᠨ ᠷᠠᠰᠢᠶᠠᠨ ᠢ ᠪᠢ ᠦᠨᠡᠬᠡᠷ ᠣᠯᠵᠤ ᠬᠠᠷᠠᠯ᠎ᠠ︾ | ᠭᠡᠵᠦ ᠵᠧᠵᠢᠶᠠᠩ ᠮᠤᠵᠢ ᠠᠴᠠ ᠬᠦᠷᠴᠤ ᠢᠷᠡᠭᠰᠡᠨ ᠠᠶᠠᠨᠴᠢᠨ ᠵᠠᠩ ᠫᠧᠩ ᠲᠡᠰᠬᠡᠯ ᠦᠭᠡᠢ ᠭᠠᠷ ᠤᠲᠠᠰᠤ ᠪᠠᠨ | ᠭᠠᠷᠭᠠᠵᠤ᠂ ᠲᠡᠭᠦᠨ ᠤ ︽ᠰᠦᠯᠵᠢᠶᠡᠨ ᠤ ᠨᠠᠶᠢᠵᠠ︾ ᠷᠠᠰᠢᠶᠠᠨ ᠲᠠᠢ ᠠᠩᠬ᠎ᠠ ᠤᠳᠠᠭ᠎ᠠ ᠠᠭᠤᠯᠵᠠᠭᠰᠠᠨ ᠢᠶᠠᠨ | ᠲᠡᠮᠳᠡᠭᠯᠡᠪᠡ᠃ ᠰᠣᠨᠤᠰᠬᠤᠯᠠᠷ ᠪᠠᠰᠠ ᠮᠥᠰᠥ ᠴᠠᠰᠤᠨ ᠤ ᠬᠡᠭᠡᠷ᠎ᠡ ᠲᠠᠯ᠎ᠠ᠂ ᠲᠦᠳᠡᠭ ᠭᠠᠯ᠂ ᠪᠦᠬᠦᠯᠢ ᠬᠤᠨᠢ ᠰᠢᠷᠠᠬᠤ | ᠶᠣᠰᠣᠯᠠᠯ ᠵᠡᠷᠭᠡ ᠭᠤᠶᠢᠳᠠ ᠰᠠᠶᠢᠬᠠᠨ ᠠᠵᠢᠯᠯᠠᠭ᠎ᠠ ᠪᠠᠶᠢᠨ᠎ᠠ᠂ ᠵᠢᠭᠤᠯᠴᠢᠯᠠᠯ ᠤᠨ ᠪᠦᠯᠬᠦᠮ ᠤᠨ ᠪᠤᠰᠤᠳ | ᠵᠤᠭᠠᠴᠠᠭᠰᠠᠳ ᠪᠦᠭᠦᠳᠡᠭᠡᠷ ᠷᠠᠰᠢᠶᠠᠨ ᠤ ᠮᠥᠰᠥ ᠴᠠᠰᠤᠨ ᠤ ᠨᠠᠶᠢᠷ ᠤᠨ ᠨᠠᠷᠢᠨ ᠠᠭᠤᠯᠭ᠎ᠠ ᠶᠢ ᠬᠦᠰᠡᠨ ᠬᠦᠯᠢᠶᠡᠵᠦ | ᠪᠠᠶᠢᠨ᠎ᠠ ᠭᠡᠯᠡ᠃ | ︽ᠷᠠᠰᠢᠶᠠᠨ ᠤ ᠳᠥᠷᠪᠡᠨ ᠤᠯᠠᠷᠢᠯ ᠴᠥᠮ ᠮᠠᠰᠢ ᠭᠤᠶᠣ᠂ ᠮᠢᠨᠤ ᠦᠷᠭᠦᠯᠵᠢ ᠪᠤᠰᠤᠳ ᠲᠤ ᠲᠠᠨᠢᠯᠴᠠᠭᠤᠯᠳᠠᠭ | ᠵᠢᠭᠤᠯᠴᠢᠯᠠᠯ ᠤᠨ ᠭᠠᠵᠠᠷ ᠤᠨ ᠨᠢᠭᠡ ᠪᠣᠯᠣᠨ᠎ᠠ᠂ ᠵᠠᠯᠭᠠᠭᠠᠳ ᠪᠢᠳᠡ ᠷᠠᠰᠢᠶᠠᠨ ᠤ ᠤᠯᠤᠰ ᠤᠨ ᠲᠠᠰ ᠤᠨ ᠣᠶ | ᠰᠢᠭᠤᠢ ᠶᠢᠨ ᠴᠡᠴᠡᠷᠯᠢᠭ᠂ ᠳᠤᠮᠳᠠᠳᠤ ᠤᠯᠤᠰ ᠤᠨ ᠬᠠᠯᠠᠭᠤᠨ ᠷᠠᠰᠢᠶᠠᠨ ᠤ ᠮᠦᠽᠧᠢ᠂ ᠷᠠᠰᠢᠶᠠᠨ ᠤ | ᠬᠦᠴᠢᠯᠲᠥ᠋ᠷᠥᠭᠴᠢ ᠶᠢᠨ ᠣᠶ ᠰᠢᠭᠤᠢ ᠶᠢᠨ ᠤᠬᠢᠶᠠᠯᠭ᠎ᠠ ᠶᠢᠨ ᠵᠠᠮ᠂ ᠪᠤᠭᠤ ᠶᠢᠨ ᠡᠪᠡᠷ ᠪᠤᠯᠤᠩ ᠤᠨ ᠬᠠᠯᠠᠭᠤᠨ | ᠷᠠᠰᠢᠶᠠᠨ ᠤ ᠠᠮᠠᠷᠠᠯᠲᠠ ᠶᠢᠨ ᠭᠠᠵᠠᠷ ᠵᠡᠷᠭᠡ ᠭᠠᠵᠠᠷ ᠢᠶᠠᠷ ᠬᠦᠷᠴᠦ᠂ ᠣᠯᠠᠨ ᠢᠶᠠᠷ ᠢᠶᠠᠨ ᠡᠨᠡ ᠬᠤᠲᠠ ᠶᠢ ᠬᠠᠶᠢᠷᠠᠯᠠᠵᠤ | ᠂ ᠡᠨᠡ ᠬᠤᠲᠠ ᠳᠤ ᠦᠷᠭᠦᠯᠵᠢ ᠢᠷᠡᠵᠦ᠂ ᠡᠨᠡ ᠬᠤᠲᠠ ᠶᠢ ᠲᠠᠨᠢᠯᠴᠠᠭᠤᠯᠬᠤ ᠶᠢ ᠬᠦᠰᠡᠵᠦ ᠪᠠᠶᠢᠨ᠎ᠠ︾ ᠭᠡᠵᠦ | ᠬᠠᠩᠵᠧᠦ ᠶᠢᠨ ᠢ ᠾᠧᠩ ᠵᠢᠭᠤᠯᠴᠢᠯᠠᠯ ᠤᠨ ᠬᠢᠵᠠᠭᠠᠷᠲᠤ ᠺᠣᠮᠫᠠᠨᠢ ᠶᠢᠨ ᠶᠡᠷᠦᠩᠬᠡᠢ ᠳᠠᠭᠠᠭᠠᠮᠠᠯ ᠯᠢᠦ ᠯᠢ ᠬᠡᠯᠡᠪᠡ᠃ | ︽ᠬᠠᠪᠤᠷ ᠤᠨ ᠤᠯᠠᠷᠢᠯ ᠳᠤ ᠴᠡᠴᠡᠭ ᠰᠣᠨᠢᠷᠬᠠᠵᠤ᠂ ᠵᠤᠨ ᠤ ᠤᠯᠠᠷᠢᠯ ᠳᠤ ᠰᠡᠷᠢᠭᠦᠴᠡᠨ᠂ ᠨᠠᠮᠤᠷ ᠤᠨ | ᠤᠯᠠᠷᠢᠯ ᠳᠤ ᠣᠶ ᠰᠢᠭᠤᠢ ᠶᠢ ᠰᠣᠨᠢᠷᠬᠠᠵᠤ᠂ ᠡᠪᠦᠯ ᠤᠨ ᠤᠯᠠᠷᠢᠯ ᠳᠤ ᠴᠠᠰᠣᠨ ᠳᠤ ᠭᠤᠯᠭᠤᠨ᠎ᠠ︾᠃ ᠷᠠᠰᠢᠶᠠᠨ | ᠬᠤᠲᠠ ᠶᠢᠨ ᠰᠣᠶᠣᠯ ᠵᠢᠭᠤᠯᠴᠢᠯᠠᠯ ᠪᠡᠶ᠎ᠡ ᠶᠢᠨ ᠲᠠᠮᠢᠷ ᠤᠨ ᠲᠣᠪᠴᠢᠶ᠎ᠠ ᠶᠢᠨ ᠲᠠᠨᠢᠯᠴᠠᠭᠤᠯᠣᠬᠰᠠᠨ ᠢᠶᠠᠷ᠂ ᠡᠨᠡ | ᠵᠢᠯ ᠤᠨ 1 ᠳ᠋ᠤᠭᠡᠷ ᠰᠠᠷ᠎ᠠ ᠠᠴᠠ ᠡᠬᠢᠯᠡᠨ᠂ ᠷᠠᠰᠢᠶᠠᠨ ᠨᠢᠭᠡᠨᠲᠡ 79 ᠤᠳᠠᠭᠠᠨ ᠤ ᠣᠨᠴᠠᠯᠢᠭᠲᠤ ᠵᠢᠭᠤᠯᠴᠢᠯᠠᠯ ᠤᠨ | ᠲᠤᠰᠬᠠᠢ ᠭᠠᠯᠲᠤ ᠲᠡᠷᠭᠡ ᠶᠢ ᠠᠮᠵᠢᠯᠲᠠ ᠲᠠᠢ ᠪᠠᠷ ᠨᠡᠪᠲᠡᠷᠡᠭᠦᠯᠵᠣ᠂ 22000 ᠭᠠᠷᠤᠢ ᠵᠤᠭᠠᠴᠠᠭᠴᠢ ᠶᠢ ᠳᠠᠳᠠᠨ | ᠠᠪᠴᠢᠷᠠᠭᠰᠠᠨ ᠪᠠᠶᠢᠨ᠎ᠠ᠃ | | | | | |