ᠭᠤᠤᠯᠳᠠᠭᠤ ᠨᠢᠭᠡ ᠭᠠᠷᠠᠭ ᠤᠨ ᠨᠠᠰᠤᠨ ᠤ ᠨᠢᠯᠬ᠎ᠠ ᠲᠤᠭᠤᠯ ᠳᠤ ᠡᠭᠦᠰᠳᠡᠭ᠃ ᠪᠤᠰᠤᠳ ᠲᠤᠭᠤᠯ ᠳᠤ | ᠡᠬᠦᠰᠬᠦ ᠨᠢ ᠨᠡᠯᠢᠶᠡᠳ ᠴᠦᠬᠡᠨ ᠪᠠᠶᠢᠳᠠᠭ᠃ ᠡᠮᠴᠢᠯᠡᠪᠦᠷᠢ ᠶᠢᠨ ᠢᠯᠡᠷᠡᠯ ᠨᠢ ᠭᠤᠷᠪᠠᠨ ᠵᠦᠢᠯ ᠤᠨ ᠭᠡᠯᠪᠡᠷᠢ ᠲᠠᠢ ⑴ | ᠴᠢᠰᠦ ᠦᠵᠢᠷᠡᠬᠦ ᠬᠡᠯᠪᠡᠷᠢ᠃ ᠪᠠᠺᠲ᠋ᠧᠷᠢᠲᠤ ᠴᠢᠰᠦᠨ ᠬᠡᠮ ᠡᠬᠦᠰᠭᠡᠳᠡᠭ ᠪᠦᠳᠦᠬᠦᠨ ᠬᠡᠳᠡᠰᠦᠨ ᠤ ᠰᠠᠪᠬᠠᠨᠴᠢᠷ | ᠪᠠᠺᠲ᠋ᠧᠷᠢ ᠠᠴᠠ ᠪᠤᠯᠵᠦ ᠡᠪᠡᠳᠴᠢᠯᠡᠨ᠎ᠡ᠃ ⑵ ᠭᠡᠳᠡᠰᠦᠨ ᠤ ᠬᠡᠯᠪᠡᠷᠢ᠃ ᠭᠡᠳᠡᠰᠦ ᠶᠢ ᠡᠪᠡᠳᠴᠢᠯᠡᠬᠦᠯᠬᠦ | ᠪᠠᠺᠲ᠋ᠧᠷᠢ ᠶᠢᠨ ᠰᠠᠭᠤᠷᠢ ᠨᠢ ᠨᠠᠷᠢᠨ ᠬᠡᠳᠡᠰᠦᠨ ᠳᠤ ᠦᠷᠡᠵᠢᠵᠦ ᠬᠡᠳᠡᠰᠦᠨ ᠤ ᠬᠤᠤᠷᠰᠦ ᠡᠬᠦᠰᠬᠡᠬᠡᠳ ᠬᠦᠨᠳᠤ | ᠴᠢᠴᠠᠭ᠎ᠠ ᠠᠯᠳᠠᠭᠤᠯᠤᠨ᠎ᠠ᠃ ⑶ ᠭᠡᠳᠡᠰᠦᠨ ᠤ ᠴᠢᠰᠤ ᠬᠤᠤᠷᠳᠠᠭᠳᠠᠬᠤ ᠭᠡᠯᠪᠡᠷᠢ᠃ ᠴᠦᠬᠡᠨ ᠲᠤᠬᠢᠶᠠᠯᠳᠤᠨ᠎ᠠ᠂ | ᠪᠠᠺᠲ᠋ᠧᠷᠢᠲᠤ ᠴᠢᠰᠦᠨ ᠬᠡᠮ ᠦᠬᠡᠢ᠃ | ᠡᠪᠡᠳᠴᠢᠨ ᠤ ᠳᠡᠯᠭᠡᠷᠡᠬᠦ ᠵᠦᠢ᠄ | ᠬᠠᠯᠳᠠᠪᠤᠷᠢᠯᠠᠮᠠᠳᠠᠭᠠᠢ ᠠᠮᠢᠳᠠᠨ ᠨᠢ 10 ᠡᠳᠦᠷ ᠤᠨ ᠨᠠᠰᠤᠨ ᠤ ᠲᠤᠳᠤᠷᠠᠬᠢ ᠨᠢᠯᠬ᠎ᠠ ᠲᠤᠭᠤᠯ ᠤᠳ ᠪᠤᠯᠤᠨ᠎ᠠ᠃ | ᠬᠠᠯᠳᠠᠪᠤᠷᠢ ᠶᠢᠨ ᠡᠬᠢ ᠨᠢ ᠡᠪᠡᠳᠴᠢᠨ ᠲᠠᠢ ᠦᠨᠢᠶ᠎ᠡ᠂ ᠲᠤᠭᠤᠯ ᠪᠤᠶᠤ ᠡᠪᠡᠳᠴᠢᠯᠡᠬᠦᠯᠦᠭᠴᠢ ᠶᠢ ᠠᠴᠢᠭᠴᠢ ᠮᠠᠯ | ᠪᠤᠯᠤᠨ᠎ᠠ᠃ ᠭᠤᠤᠯᠳᠠᠭᠤ ᠰᠢᠩᠬᠡᠬᠡᠯᠳᠡ ᠶᠢᠨ ᠵᠠᠮ᠂ ᠰᠠᠪᠠ᠂ ᠬᠦᠢᠰᠦᠨ ᠤᠭᠤᠰᠤᠷ ᠢᠶᠠᠷ ᠳᠠᠮᠵᠢᠨ ᠬᠠᠯᠳᠠᠪᠤᠷᠢᠯᠠᠨ᠎ᠠ᠃ | ᠤᠯᠠᠩᠬᠢ ᠳᠠᠭᠠᠨ ᠬᠠᠰᠢᠶᠠᠯᠠᠨ ᠳᠡᠵᠢᠬᠡᠬᠦ ︵ᠡᠪᠤᠯ᠂ ᠬᠠᠪᠤᠷ︶ ᠬᠤᠭᠤᠴᠠᠭᠠᠨ ᠳᠤ ᠡᠬᠦᠰᠴᠤ᠂ ᠭᠠᠵᠠᠷ ᠤᠷᠤᠨ ᠤ | ᠴᠢᠨᠠᠷᠲᠠᠢ ᠳᠡᠯᠭᠡᠷᠡᠯᠳᠡ ᠪᠤᠶᠤ ᠲᠠᠷᠠᠬᠠᠢ ᠳᠡᠯᠭᠡᠷᠡᠯᠳᠡ ᠡᠬᠦᠰᠳᠡᠭ᠃ ᠲᠤᠭᠤᠯ ᠤᠨ ᠡᠰᠡᠷᠭᠦᠴᠡᠭᠦ ᠬᠦᠴᠦ ᠶᠢ | ᠪᠠᠭᠤᠷᠠᠭᠤᠯᠬᠤ ᠡᠯ᠎ᠡ ᠵᠦᠢᠯ ᠤᠨ ᠬᠦᠴᠦᠨ ᠵᠦᠢᠯ ᠪᠦᠬᠦᠨ ᠨᠢ ᠲᠤᠰ ᠡᠪᠡᠳᠴᠢᠨ ᠤ ᠡᠬᠦᠰᠬᠦ ᠶᠢ ᠠᠬᠢᠭᠤᠯᠬᠤ ᠪᠤᠶᠤ | ᠭᠦᠨᠳᠦᠷᠡᠭᠦᠯᠳᠡᠭ᠃ | ᠰᠢᠨᠵᠢ ᠳᠡᠮᠳᠡᠭ | ᠴᠢᠰᠦ ᠦᠵᠢᠷᠡᠬᠦ ᠬᠡᠯᠪᠡᠷᠢ᠄ ᠳᠠᠯᠳᠠ ᠬᠤᠭᠤᠴᠠᠭ᠎ᠠ ᠨᠢ ᠣᠬᠤᠷ ᠬᠡᠳᠦᠬᠡᠨ ᠴᠠᠭ ᠪᠠᠶᠢᠳᠠᠭ᠃ ᠡᠪᠡᠳᠴᠢᠯᠡᠵᠦ | ᠡᠬᠢᠯᠡᠬᠦ ᠳᠤ ᠪᠡᠶ᠎ᠡ ᠶᠢᠨ ᠲᠤᠯᠠᠭᠠᠨ ᠨᠢ ᠳᠡᠭᠡᠭᠰᠢᠯᠡᠬᠡᠳ 40℃ ᠬᠦᠷᠴᠤ᠂ ᠰᠦᠷ ᠰᠦᠯᠳᠡ ᠪᠤᠯᠤᠨ ᠢᠳᠡᠰᠢᠨ ᠤ | ᠳᠤᠷᠠᠰᠢᠯ ᠨᠢ ᠮᠠᠭᠤᠳᠠᠵᠦ ᠢᠳᠡᠰᠢ ᠢᠳᠡᠬᠦ ᠦᠬᠡᠢ ᠪᠤᠯᠤᠨ᠎ᠠ᠃ ᠲᠡᠭᠡᠭᠡᠳ ᠭᠡᠳᠣᠨ ᠴᠠᠭ ᠤᠨ ᠳᠠᠷᠠᠭ᠎ᠠ ᠴᠢᠴᠠᠭ᠎ᠠ | ᠠᠯᠳᠠᠵᠦ᠂ ᠪᠠᠭᠠᠰᠤ ᠨᠢ ᠡᠬᠢᠨ ᠳᠡᠭᠡᠨ ᠰᠢᠩᠭᠡᠨ ᠰᠢᠷ᠎ᠡ ᠦᠩᠬᠡ ᠲᠠᠢ᠂ ᠵᠤᠳᠠᠩ ᠰᠢᠭ᠋ ᠲᠤᠩ ᠦᠮᠡᠬᠡᠢ | ᠪᠠᠶᠢᠭᠰᠠᠨ ᠠᠴᠠ ᠪᠠᠨ ᠣᠰᠣ ᠰᠢᠭ᠋ ᠴᠠᠶᠢᠪᠤᠷ ᠪᠤᠯᠵᠦ᠂ ᠡᠭᠡᠳᠡᠷᠡᠭᠰᠡᠨ ᠴᠢᠰᠤ ᠪᠤᠶᠤ ᠬᠡᠢ ᠴᠦᠪᠦᠷᠢᠬᠦᠦ ᠬᠤᠯᠢᠯᠳᠤᠵᠦ | ᠭᠠᠷᠤᠨ᠎ᠠ᠃ ᠰᠡᠬᠦᠯᠴᠢ ᠶᠢᠨ ᠬᠤᠭᠤᠴᠠᠭᠠᠨ ᠳᠤ ᠪᠡᠶ᠎ᠡ ᠨᠢ ᠤᠯᠠᠮ ᠢᠶᠠᠷ ᠮᠠᠭᠤᠳᠠᠵᠦ ᠭᠡᠪᠳᠡᠷᠢ ᠳᠤ ᠤᠷᠤᠭᠠᠳ 1 ~ | 3 ᠡᠳᠤᠷ ᠤᠨ ᠳᠠᠷᠠᠭ᠎ᠠ ᠦᠬᠦᠳᠡᠭ᠃ ᠦᠬᠦᠯ ᠤᠨ ᠨᠤᠷᠮ᠎ᠠ ᠨᠢ 80% ~ 100% ᠳᠤ ᠬᠦᠷᠳᠡᠭ᠃ | ᠭᠡᠳᠡᠰᠦᠨ ᠤ ᠬᠡᠯᠪᠡᠷᠢ᠄ ᠪᠡᠶ᠎ᠡ ᠶᠢᠨ ᠲᠤᠯᠠᠭᠠᠨ ᠨᠢ ᠪᠠᠭ᠎ᠠ ᠬᠤᠪᠢᠷᠠᠯᠲᠠ ᠭᠠᠷᠴᠤ᠂ ᠴᠢᠴᠠᠭ᠎ᠠ ᠠᠯᠳᠠᠵᠦ ᠣᠰᠣ | ᠠᠯᠳᠠᠭᠠᠳ ᠦᠬᠦᠨ᠎ᠡ᠃ ᠪᠠᠭᠠᠰᠤ ᠨᠢ ᠡᠬᠢᠨ ᠳᠡᠭᠡᠨ ᠨᠠᠭᠠᠯᠳᠠ ᠰᠢᠭ᠋᠂ ᠰᠡᠬᠦᠯ ᠳᠡᠭᠡᠨ ᠤᠰᠤ ᠰᠢᠭ᠋᠂ ᠰᠢᠷ᠎ᠠ ᠪᠤᠶᠤ | ᠴᠠᠭᠠᠨ ᠰᠢᠩᠭᠡᠭᠡᠭᠰᠡᠨ ᠦᠬᠡᠢ ᠰᠦ ᠬᠤᠯᠢᠯᠳᠤᠵᠦ᠂ ᠪᠠᠰᠠ ᠴᠢᠰᠤ᠂ ᠬᠦᠬᠡᠰᠤ ᠵᠢᠴᠢ ᠬᠦᠴᠢᠯᠯᠢᠭ ᠦᠨᠦᠷ ᠲᠠᠢ᠂ | ᠭᠡᠳᠡᠰᠤ ᠭᠡᠪᠡᠯᠢ ᠨᠢ ᠡᠪᠡᠳᠬᠦ᠂ ᠬᠡᠪᠡᠯᠢ ᠪᠠᠨ ᠢᠰᠬᠦᠯᠬᠦ ᠵᠡᠷᠭᠡ ᠢᠯᠡᠷᠡᠯ ᠲᠠᠢ ᠪᠠᠶᠢᠵᠦ᠂ ᠡᠪᠡᠳᠴᠢᠨ ᠤ ᠶᠠᠪᠤᠴᠠ ᠶᠢᠨ | ᠤᠷᠲᠤ ᠨᠢ ᠠᠭᠤᠰᠬᠢᠨ ᠦᠷᠪᠢᠰᠦᠯ ᠪᠠ ᠬᠦᠢᠰᠦᠨ ᠤ ᠦᠷᠪᠢᠰᠦᠯ ᠡᠬᠦᠰᠦᠨ᠎ᠡ᠃ | ᠭᠡᠳᠡᠰᠦᠨ ᠤ ᠴᠢᠰᠤ ᠬᠤᠤᠷᠳᠠᠭᠳᠠᠬᠤ ᠬᠡᠮ ᠤᠨ ᠬᠡᠯᠪᠡᠷᠢ᠄ ᠡᠬᠦᠰᠬᠦ ᠨᠢ ᠴᠦᠬᠡᠨ᠂ ᠬᠡᠨᠡᠳᠳᠡ ᠪᠠᠷ ᠦᠬᠦᠬᠦ᠂ | ᠡᠪᠡᠳᠴᠢᠨ ᠤ ᠶᠠᠪᠤᠴᠠ ᠶᠢᠨ ᠤᠷᠳᠤ ᠰᠢᠭ᠋ ᠨᠢ ᠲᠠᠶᠢᠪᠤᠩ ᠦᠬᠡᠢ ᠪᠠᠶᠢᠵᠦ᠂ ᠬᠦᠬᠡᠷᠭᠦ᠂ ᠮᠢᠨᠴᠦᠬᠦᠷᠡᠬᠦ ᠵᠡᠷᠭᠡ | ᠬᠤᠤᠷᠳᠠᠭᠳᠠᠭᠰᠠᠨ ᠮᠡᠳᠡᠷᠡᠯ ᠤᠨ ᠰᠢᠨᠵᠢ ᠳᠡᠮᠳᠡᠭ ᠢᠯᠡᠷᠡᠨ᠎ᠡ᠃ | ᠡᠪᠡᠳᠴᠢᠨ ᠤ ᠵᠦᠢ ᠶᠢᠨ ᠬᠤᠪᠢᠷᠠᠯᠳᠠ | ᠬᠤᠳᠤᠭᠤᠳᠤ ᠭᠡᠳᠡᠰᠤᠨ ᠤ ᠰᠠᠯᠢᠰᠤᠲᠤ ᠪᠦᠷᠭᠦᠪᠴᠢ ᠠᠴᠠ ᠨᠢ ᠴᠢᠰᠤ ᠭᠠᠷᠬᠤ ᠦᠷᠪᠢᠰᠦᠯ ᠲᠠᠢ᠃ ᠡᠯᠢᠬᠡ᠂ | ᠪᠦᠬᠡᠷ᠎ᠡ ᠨᠢ ᠴᠠᠶᠢᠪᠤᠷ ᠦᠩᠬᠡ ᠲᠠᠢ ᠪᠦᠬᠡᠳ ᠱᠦᠬᠦᠰᠦᠲᠤ ᠪᠦᠷᠬᠦᠬᠦᠯ ᠲᠤᠤᠷ᠎ᠠ ᠨᠢ ᠴᠢᠰᠤᠲᠤ ᠲᠤᠯᠪᠤ ᠲᠠᠢ᠃ | ᠡᠬᠦᠨ ᠠᠴᠠ ᠭᠠᠳᠠᠨ᠎ᠠ ᠬᠡᠳᠡᠰᠦᠨ ᠤ ᠴᠢᠴᠠᠷᠬᠠᠢ ᠶᠢᠨ ᠯᠢᠮᠪᠠ ᠶᠢᠨ ᠵᠠᠩᠬᠢᠯᠠᠭ᠎ᠠ ᠨᠢ ᠬᠠᠪᠤᠳᠴᠤ ᠪᠦᠳᠦᠬᠦᠷᠡᠬᠡᠳ | ᠵᠢᠷᠤᠭᠡᠨ ᠤ ᠲᠤᠳᠤᠷ᠎ᠠ ᠪᠦᠷᠭᠦᠪᠴᠢ ᠳᠤᠨᠢ ᠴᠢᠰᠤ ᠭᠠᠷᠴᠤ᠂ ᠭᠡᠳᠡᠰᠦᠨ ᠤ ᠬᠡᠯᠪᠡᠷᠢ ᠳᠤ ᠶᠠᠮᠠᠷᠴᠤ ᠬᠤᠪᠢᠷᠠᠯᠳᠠ | ᠦᠬᠡᠢ ᠮᠦᠷᠳᠡᠭᠡᠨ ᠭᠠᠭ᠋ᠠᠢ ᠶᠢᠨ ᠲᠤᠷᠤᠢ ᠶᠢᠨ ᠴᠠᠭᠠᠨ ᠴᠢᠴᠠᠭ᠎ᠠ ᠲᠠᠢ ᠠᠳᠠᠯᠢᠪᠲᠤᠷ ᠪᠠᠶᠢᠳᠠᠭ᠃ | ︽ᠮᠠᠯ ᠤᠨ ᠬᠠᠯᠳᠠᠪᠤᠷᠢᠲᠤ ᠡᠪᠡᠳᠴᠢᠨ ᠤ ᠤᠬᠠᠭᠠᠨ︾ ᠬᠡᠬᠦ ᠨᠤᠮ ᠠᠴᠠ ᠪᠠᠭᠤᠯᠭᠠᠪᠠ |