ᠨᠣᠭᠤᠭᠠᠨ ᠪᠣᠷᠳᠤᠭ᠎ᠠ ᠲᠠᠷᠣᠰᠢᠭᠤᠯᠬᠤ ᠮᠠᠷᠭᠡᠵᠢᠯ
ᠨᠡᠶᠢᠲᠡᠯᠡᠭᠰᠡᠨ ᠴᠠᠭ᠄
2022/5/13
    ᠡᠰᠢ ᠰᠦᠷᠡᠯ ᠢ ᠲᠦᠬᠢᠷᠡᠮᠵᠢᠳᠡᠢ ᠴᠠᠭ ᠲᠤ ᠨᠢ ᠬᠠᠳᠣᠵᠣ ᠠᠪᠣᠪᠡᠯ ᠣᠰᠣ ᠠᠭᠤᠯᠣᠬᠳᠡᠴᠠ ᠪᠠ ᠨᠠᠬᠦᠷᠡᠰᠣ ᠣᠰᠣᠨ ᠤ ᠨᠢᠭᠡᠳᠪᠣᠷᠢ ᠶᠢᠨ ᠠᠭᠤᠯᠣᠬᠳᠡᠴᠠ ᠨᠢ ᠲᠣᠬᠢᠷᠡᠮᠵᠢᠳᠡᠢ ᠪᠣᠯᠬᠤ ᠪᠦᠭᠡᠳ ᠰᠢᠮ᠎ᠠ ᠲᠡᠵᠢᠭᠡᠯ ᠤᠨ ᠠᠰᠢᠬᠯᠠᠮᠵᠢ ᠶᠢ ᠬᠠᠮᠤᠭ ᠶᠡᠭᠡ ᠬᠡᠮᠵᠢᠶ᠎ᠠ ᠪᠠᠷ ᠲᠡᠭᠡᠭᠰᠢᠯᠠᠬᠦᠯᠵᠣ ᠴᠢᠳᠡᠨ᠎ᠠ᠃ ᠪᠣᠷᠴᠠᠭ ᠤᠨ ᠢᠵᠡᠭᠤᠷ ᠤᠨ ᠲᠡᠵᠢᠭᠡᠯ ᠡᠪᠡᠰᠣ ᠶᠢ ᠴᠡᠴᠡᠭᠯᠡᠬᠦ ᠬᠤᠭᠤᠴᠠᠭᠠᠨ ᠳᠤ ᠨᠢ ᠬᠠᠳᠣᠨ᠎ᠠ᠃ ᠡᠷᠳᠡᠨᠢ ᠰᠢᠰᠢ ᠶᠢ ᠲᠦᠷᠣᠬᠦᠣ ᠲᠠᠢ ᠨᠢ ᠲᠠᠷᠣᠰᠢᠭᠤᠯᠬᠤ  ᠳᠤ ᠬᠦᠷᠪᠡᠯ ᠣᠰᠣᠨ ᠪᠣᠳᠡᠭᠠᠯᠠᠬᠤ ᠬᠤᠭᠤᠴᠠᠭ᠎ᠠ ᠶᠢᠨ ᠰᠠᠬᠦᠯᠴᠢ ᠠᠴᠠ ᠬᠠᠳᠡᠭᠤᠷᠡᠵᠣ ᠪᠣᠯᠪᠠᠰᠣᠷᠡᠬᠤ ᠶᠢᠨ ᠡᠬᠢᠨ ᠤ ᠦᠶ᠎ᠠ ᠳᠤ ᠬᠠᠳᠣᠪᠡᠯ ᠬᠠᠮᠤᠭ ᠰᠠᠶᠢᠨ᠃ ᠨᠠᠷᠢᠮᠣ ᠶᠢᠨ ᠲᠦᠷᠣᠯ ᠤᠨ ᠲᠠᠷᠢᠮᠠᠯ ᠢ ᠲᠦᠷᠣᠬᠦᠳᠣᠬᠦ ᠬᠤᠭᠤᠴᠠᠭ᠎ᠠ ᠳᠤ  ᠨᠢ ᠬᠠᠳᠣᠪᠡᠯ ᠣᠭᠤᠷᠠᠭ ᠠᠭᠤᠯᠣᠬᠳᠡᠴᠠ ᠨᠢ ᠬᠠᠮᠤᠭ ᠦᠨᠳᠣᠷ᠃ ᠦᠶᠠᠳᠣ ᠣᠷᠭᠤᠮᠠᠯ ᠤᠨ ᠢᠵᠡᠭᠤᠷ ᠤᠨ ᠲᠡᠵᠢᠭᠡᠯ ᠡᠪᠡᠰᠣ ᠶᠢ ᠨᠢᠭᠡ ᠣᠳᠠᠭ᠎ᠠ ᠬᠠᠳᠣᠬᠰᠠᠨ ᠤ ᠰᠠᠬᠦᠯᠡᠷ ᠲᠠᠬᠢᠭᠠᠳ ᠲᠦᠷᠣᠬᠦᠣ ᠪᠦᠭᠡᠯᠵᠢᠬᠦ ᠦᠭᠡᠢ ᠪᠣᠯᠬᠤᠷ ᠬᠤᠶᠠᠳᠡᠬᠢ ᠣᠳᠠᠭ᠎ᠠ ᠬᠠᠳᠣᠬᠤ ᠳᠤ ᠪᠠᠨ ᠲᠦᠷᠣᠬᠦᠣ ᠪᠦᠭᠡᠯᠵᠢᠬᠦ ᠶᠢ ᠨᠢ ᠬᠦᠯᠢᠶᠠᠬᠦ ᠴᠢᠬᠤᠯᠡ ᠦᠭᠡᠢ᠃ ᠬᠤᠶᠠᠷ ᠣᠳᠠᠭ᠎ᠠ ᠬᠠᠳᠣᠬᠤ ᠳᠤ ᠠᠯᠣᠰᠯᠠᠬᠤ ᠴᠠᠭ ᠢ 4 ——5 ᠭᠠᠷᠠᠭ ᠠᠴᠠ ᠬᠡᠳᠣᠷᠡᠬᠦᠯᠵᠣ ᠪᠣᠯᠬᠤ ᠦᠭᠡᠢ᠃     ᠲᠠᠷᠣᠰᠢᠭᠤᠯᠬᠤ ᠲᠦᠬᠦᠬᠡᠢ ᠮᠠᠲ᠋ᠧᠷᠢᠶᠠᠯ ᠤᠨ ᠣᠰᠣ ᠠᠭᠤᠯᠣᠬᠳᠡᠴᠠ ᠮᠠᠰᠢ ᠴᠢᠬᠤᠯᠡ ᠪᠠᠶᠢᠳᠠᠭ᠃ ᠲᠠᠷᠣᠰᠢᠭᠤᠯᠬᠤ ᠪᠣᠷᠳᠤᠭ᠎ᠠ ᠨᠠᠶᠢᠷᠡᠭᠤᠯᠬᠤ ᠳᠤ ᠲᠣᠬᠢᠷᠡᠬᠤ ᠣᠰᠣ ᠠᠭᠤᠯᠣᠬᠳᠡᠴᠠ ᠨᠢ ᠶᠠᠷᠣ ᠳᠤ ᠪᠠᠨ 50 %——70% ᠪᠠᠶᠢᠵᠣ᠂ 65 % ᠪᠣᠯ ᠬᠠᠮᠤᠭ ᠰᠠᠶᠢᠨ᠃ ᠬᠠᠳᠣᠵᠣ ᠠᠪᠣᠮᠠᠬᠴᠠ ᠰᠢᠭᠤᠳ ᠲᠠᠷᠣᠰᠢᠭᠤᠯᠬᠤ ᠲᠦᠬᠦᠭᠡᠢ ᠮᠠᠲ᠋ᠧᠷᠢᠶᠠᠯ ᠤᠨ ᠣᠰᠣ ᠠᠭᠤᠯᠣᠬᠳᠡᠴᠠ ᠨᠠᠯᠢᠶᠠᠳ ᠦᠨᠳᠣᠷ ᠪᠣᠯᠬᠤᠷ ᠬᠠᠭᠤᠷᠡᠢ ᠡᠪᠡᠰᠣ ᠵᠡᠷᠭᠡ ᠶᠢ ᠨᠠᠮᠠᠵᠣ ᠪᠣᠯᠣᠨ᠎ᠠ ᠃ ᠵᠠᠷᠢᠮ ᠲᠠᠷᠢᠮᠠᠯ ᠤᠨ ᠡᠰᠢ ᠰᠦᠷᠡᠯ ᠤᠨ ᠣᠰᠣ ᠠᠭᠤᠯᠣᠬᠳᠡᠴᠠ ᠲᠡᠩᠳᠡᠬᠦᠣ ᠲᠣᠣᠷ᠎ᠡ ᠪᠣᠯ ᠣᠰᠣ ᠬᠢᠬᠦ ᠪᠣᠶᠣ ᠰᠢᠨ᠎ᠠ ᠬᠠᠳᠣᠬᠰᠠᠨ ᠨᠣᠭᠤᠭᠠᠨ ᠡᠪᠡᠰᠣ ᠬᠤᠯᠢᠵᠣ ᠪᠣᠯᠣᠨ᠎ᠠ᠃ ᠡᠰᠢ ᠰᠦᠷᠡᠯ ᠢ ᠬᠡᠷᠴᠢᠪᠡᠯ ᠲᠠᠷᠣᠰᠢᠭᠤᠯᠬᠤ ᠳᠤ ᠲᠦᠬᠦᠮ ᠪᠦᠭᠡᠳ ᠰᠦᠨ ᠬᠦᠴᠢᠯ ᠤᠨ ᠪᠡᠺᠲ᠋ᠧᠷᠢ ᠦᠷᠡᠵᠢᠬᠦ ᠶᠢ ᠲᠦᠷᠭᠡᠳᠭᠡᠨ᠎ᠠ᠃ ᠲᠠᠷᠡᠴᠢᠯᠡᠨ ᠮᠠᠯ ᠤᠨ ᠢᠳᠡᠬᠦ ᠬᠡᠮᠵᠢᠶ᠎ᠠ ᠶᠢ ᠨᠡᠮᠡᠭᠳᠡᠬᠦᠯᠵᠣ᠂ ᠰᠢᠩᠭᠡᠭᠡᠭᠳᠡᠬᠦ ᠨᠣᠷᠮ᠎ᠠ ᠶᠢ ᠲᠡᠭᠡᠭᠰᠢᠯᠠᠬᠦᠯᠣᠨ᠎ᠠ᠃ ᠡᠰᠢ ᠰᠦᠷᠡᠯ ᠢ 1cm ᠠᠴᠠ ᠣᠬᠤᠷ ᠬᠡᠷᠴᠢᠪᠡᠯ ph ᠬᠡᠮᠵᠢᠭᠳᠡᠯ᠂ ᠪᠦᠲᠨ ᠬᠦᠴᠢᠯ ᠪᠡ ᠲᠡᠭᠳᠡᠮᠡᠭᠡᠢ ᠦᠭᠡᠬᠦᠨ ᠬᠦᠴᠢᠯ ᠤᠨ ᠬᠡᠮᠵᠢᠶ᠎ᠠ ᠨᠢ ᠬᠠᠮᠤᠭ ᠲᠣᠣᠷ᠎ᠡ ᠪᠦᠭᠡᠳ ᠰᠦᠨ ᠬᠦᠴᠢᠯ ᠤᠨ ᠠᠭᠤᠯᠣᠬᠳᠡᠴᠠ ᠨᠢ ᠬᠠᠮᠤᠭ ᠦᠨᠳᠣᠷ ᠪᠠᠶᠢᠳᠠᠭ᠃     ᠡᠰᠢ ᠰᠦᠷᠡᠯ ᠢ ᠬᠡᠷᠴᠢᠬᠦ ᠶᠢᠨ ᠲᠠᠭᠠᠣ ᠵᠣᠭᠤᠷᠢᠯᠠᠨ᠎ᠠ᠃ ᠵᠣᠭᠤᠷᠢ ᠶᠢᠨ ᠭᠠᠳᠡᠨ᠎ᠠ ᠣᠳᠡᠭᠠᠨ ᠲᠠᠯᠪᠢᠪᠡᠯ ᠬᠢᠯᠪᠡᠷ ᠢᠯᠵᠢᠷᠡᠨ᠎ᠠ᠃ ᠵᠣᠭᠤᠷᠢᠯᠠᠬᠤ ᠳᠤ ᠮᠦᠷ ᠮᠦᠷ ᠢᠶᠠᠷ ᠲᠠᠷᠣᠵᠣ ᠴᠢᠭᠵᠢᠬᠦ ᠪᠣᠯ ᠬᠠᠮᠤᠭ ᠴᠢᠬᠤᠯᠡ ᠠᠵᠢᠯ ᠶᠣᠮ᠃ ᠢᠯᠡᠩᠭᠤᠶ᠎ᠠ ᠵᠣᠭᠤᠷᠢᠨ ᠤ ᠲᠦᠷᠪᠡᠨ ᠬᠦᠪᠡᠭᠡ ᠪᠡ ᠪᠣᠯᠣᠩ ᠲᠠᠭᠠᠣ ᠭᠠᠵᠡᠷ ᠢ ᠨᠡᠩ ᠠᠩᠬᠠᠷᠬᠤ ᠭᠡᠷᠡᠭᠳᠡᠢ᠃ ᠡᠰᠢ ᠰᠦᠷᠡᠯ ᠢᠶᠠᠨ ᠵᠣᠭᠤᠷᠢᠯᠠᠭᠠᠳ ᠬᠡᠳᠣᠢ ᠴᠢᠩᠭ᠎ᠠ ᠲᠠᠷᠣᠰᠢᠭᠤᠯᠵᠤ ᠠᠭᠠᠷ ᠢ ᠬᠡᠳᠣᠢ ᠲᠣᠶᠢᠯᠪᠣᠷᠢᠳᠡᠢ ᠰᠠᠶᠢᠬᠠᠨ ᠭᠠᠷᠭᠠᠬᠤ ᠲᠣᠳᠣᠮ ᠲᠠᠷᠣᠰᠢᠭᠤᠯᠣᠬᠰᠠᠨ ᠪᠣᠷᠳᠤᠭ᠎ᠠ ᠶᠢᠨ ᠶᠠᠰᠣ ᠴᠢᠨᠠᠷ ᠲᠠᠳᠣᠢ ᠰᠠᠶᠢᠨ ᠪᠣᠯᠣᠨ᠎ᠠ᠃     ᠡᠰᠢ ᠰᠦᠷᠡᠯ ᠢ ᠵᠣᠭᠤᠷᠢᠯᠠᠵᠣ ᠪᠠᠶᠢᠪᠡᠯ ᠴᠢᠩᠭ᠎ᠠ ᠪᠢᠳᠡᠬᠦᠯᠵᠢᠯᠠᠬᠦ ᠭᠡᠷᠡᠭᠳᠡᠢ᠃ ᠪᠢᠳᠡᠬᠦᠮᠵᠢᠯᠡᠬᠦ ᠴᠠᠭ ᠢ ᠨᠢ ᠬᠤᠶᠢᠰᠢᠯᠠᠭᠤᠯᠪᠡᠯ ᠲᠠᠷᠣᠰᠢᠭᠤᠯᠣᠬᠰᠠᠨ ᠪᠣᠷᠳᠤᠭ᠎ᠠ ᠶᠢᠨ ᠴᠢᠨᠠᠷ ᠨᠢ ᠮᠠᠭᠤᠳᠡᠨ᠎ᠠ᠃ ᠲᠠᠷᠡᠴᠢᠯᠡᠨ ᠬᠤᠶᠢᠰᠢᠯᠠᠭᠤᠯᠬᠤ ᠴᠠᠭ ᠤᠨ ᠣᠷᠳᠣᠰᠬᠤ ᠶᠢ ᠲᠠᠭᠠᠯᠳᠣᠭᠠᠳ ᠲᠠᠷᠣᠰᠢᠭᠤᠯᠣᠬᠰᠠᠨ ᠪᠣᠷᠳᠤᠭ᠎ᠠ ᠶᠢᠨ ᠢᠯᠵᠢᠷᠡᠬᠦ ᠶᠢ ᠲᠦᠷᠭᠡᠳᠭᠡᠨ᠎ᠠ᠃ ᠡᠰᠢ ᠰᠦᠷᠡᠯ ᠢ ᠶᠠᠷᠣ ᠳᠤ ᠪᠠᠨ ᠵᠣᠭᠤᠷᠢ ᠶᠢᠨ ᠠᠮᠠᠰᠠᠷ ᠠᠴᠠ 1 ᠮᠧᠲᠷ ᠣᠷᠴᠢᠮ ᠦᠨᠳᠣᠷ ᠣᠪᠣᠭᠠᠯᠠᠵᠣ᠂ ᠰᠦᠯᠢᠶᠣᠣ ᠪᠦᠷᠬᠦᠬᠦᠯ ᠵᠢᠷ ᠪᠦᠷᠢᠨ ᠴᠢᠩᠭ᠎ᠠ ᠪᠢᠳᠡᠬᠦᠮᠵᠢᠯᠡᠭᠡᠳ ᠰᠢᠷᠣᠢ ᠪᠠᠷ ᠲᠠᠷᠣᠵᠣ ᠣᠰᠣ ᠠᠭᠠᠷ ᠨᠠᠪᠳᠡᠷᠡᠬᠦ ᠦᠭᠡᠢ ᠪᠣᠯᠭᠠᠨ᠎ᠠ᠃ ᠵᠣᠭᠤᠷᠢ ᠶᠢᠨ ᠣᠷᠣᠢ ᠨᠢ ᠪᠦᠭᠡᠷᠡᠩᠭᠡᠢ ᠪᠣᠶᠣ ᠨᠠᠯᠠᠭᠤ ᠪᠠᠶᠢᠪᠡᠯ ᠰᠠᠶᠢᠨ᠃
 
ᠢᠷᠡᠯᠲᠡ᠄ ᠬᠢᠩᠭᠠᠨ ᠤ ᠡᠳᠣᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号