ᠪᠠᠳᠣᠯᠠᠭ᠎ᠠ
ᠨᠡᠶᠢᠲᠡᠯᠡᠭᠰᠡᠨ ᠴᠠᠭ᠄
2021/1/25
                  ● ᠠ᠊ · ᠴᠣᠭᠵᠣ      ︽ᠰᠠᠶᠢᠨ ᠦᠦ︖ ᠬᠤᠳᠠᠴᠢ ᠶᠢ ᠬᠤᠯᠠ ᠶᠢᠨ ᠰᠠᠳᠣᠨ ᠳᠤ ᠬᠢᠨᠵᠢᠯᠡᠵᠦ ᠦᠭᠭᠦᠯ᠎ᠡ ᠭᠡᠳᠡᠭ ᠢ ᠮᠡᠳᠡᠵᠦ ᠪᠠᠶᠢᠭᠠᠳ ᠶᠠᠭᠤᠨ ᠳᠤ ᠲᠡᠭᠡᠵᠦ ᠬᠢᠴᠢᠶᠡᠭᠰᠡᠨ ᠪᠣᠢ︖︾      ︽ᠵᠠ᠂ ᠰᠠᠶᠢᠨ︕ ᠲᠠ ᠴᠦ ᠠᠯᠪᠠᠨ ᠠᠵᠢᠯ ᠢᠶᠠᠨ ᠰᠠᠶᠢᠬᠠᠨ ᠠᠮᠵᠢᠭᠤᠯᠣᠭᠠᠳ ᠠᠮᠠᠷᠠᠯᠲᠠ ᠬᠢᠵᠦ ᠪᠠᠶᠢᠳᠠᠭ ᠵᠣᠯ ᠲᠠᠢ ᠣᠯᠣᠰ ᠶᠤᠮ ᠰᠠᠨ︕︾      ︽ᠨᠢᠭᠡ ᠶᠡᠭᠡ ᠠᠮᠠᠷᠠᠬᠤ ᠴᠢᠨᠢ ᠪᠠᠰᠠ ᠬᠢᠳᠡᠯ ᠠᠯᠳᠠᠬᠤ ᠠᠶᠣᠮᠠᠷ ᠡ︕ ᠬᠡᠯᠡᠪᠡᠴᠦ ᠬᠦᠬᠡᠳᠦᠯᠦ ᠶᠢᠨ ᠬᠤᠷᠢᠮ ᠤᠨ ᠡᠳᠦᠷ ᠨᠢ ᠭᠠᠷᠴᠢᠬᠠᠯ᠎ᠠ ᠪᠠ︖︾      ︽ᠵᠠ᠂ ᠰᠢᠨ᠎ᠡ ᠰᠠᠷ᠎ᠠ ᠶᠢᠨ ᠠᠷᠪᠠᠨ ᠵᠢᠷᠭᠤᠭᠠᠨ ᠡ︕ ᠴᠠᠭ ᠵᠢᠭᠠᠬᠠᠨ ᠪᠠᠴᠢᠮ ᠪᠣᠯᠴᠢᠬᠠᠭᠰᠠᠨ᠃ ᠪᠠᠩᠬᠢ ᠶᠢᠨ ᠵᠢᠬᠡᠯᠡᠯᠭᠡ ᠣᠯᠣᠶ᠎ᠠ ᠭᠡᠳ ᠭᠠᠭᠴᠠ ᠪᠠᠳᠣᠯᠠᠭ᠎ᠠ ᠶᠢᠨ ᠬᠦᠮᠦᠨ ᠣᠯᠬᠤ ᠳᠤ ᠭᠠᠴᠢᠭᠳᠠᠵᠣ ᠪᠠᠶᠢᠨ᠎ᠠ᠃ ᠲᠠᠨ ᠢ ᠭᠤᠶᠣᠬᠤ ᠪᠠᠷ ᠢᠷᠡᠯ᠎ᠡ︕︾      ᠪᠠᠳᠣᠬᠤᠶᠠᠭ ᠵᠣᠷᠢᠵᠣ ᠢᠷᠡᠭᠰᠡᠨ ᠣᠴᠢᠷ ᠢᠶᠠᠨ ᠰᠢᠭᠤᠳ ᠶᠠᠷᠢᠴᠢᠬᠠᠵᠣ᠂ ᠪᠠᠷᠠᠭᠤᠨ ᠬᠠᠨᠴᠣᠢ ᠪᠠᠷ ᠢᠶᠠᠨ ᠣᠷᠣᠯᠳᠣᠨ ᠱᠠᠯᠠ ᠰᠢᠷᠲᠡᠨ ᠭᠤᠬᠤᠶᠢᠵᠣ ᠰᠠᠭᠤᠵᠠᠢ᠃ ᠲᠡᠷᠭᠡᠨ ᠬᠦᠷᠳᠦ ᠲᠡᠭᠡᠷ᠎ᠡ ᠲᠠᠢ ᠲᠣᠣᠷ᠎ᠠ ᠲᠠᠢ ᠭᠡᠳᠡᠭ ᠦᠨᠡᠨᠲᠡᠢ᠃ ᠬᠤᠶᠠᠷ ᠵᠠᠭᠤᠨ ᠪᠣᠭ ᠮᠠᠯ ᠲᠠᠢ ᠬᠤᠯᠠ ᠣᠶᠢᠷ᠎ᠠ ᠳᠤ ᠪᠠᠨ ᠮᠠᠯᠵᠢᠯ ᠤᠨ ᠳᠣᠰᠬᠠᠢ ᠡᠷᠦᠬᠡ ᠭᠡᠮᠡᠨ ᠣᠭᠰᠦ᠋ᠢᠵᠣ ᠶᠠᠪᠣᠭᠰᠠᠨ ᠪᠠᠳᠣᠬᠤᠶᠠᠭ ᠦᠨᠦᠳᠦᠷ ᠭᠠᠭᠴᠠ ᠬᠦᠦ ᠪᠠᠨ ᠬᠤᠷᠢᠮᠯᠠᠭᠤᠯᠬᠤ ᠭᠡᠬᠦ ᠳᠤ ᠪᠠᠩᠬᠢ ᠠᠴᠠ ᠵᠢᠭᠡᠯᠡᠯᠬᠡ ᠠᠪᠳᠠᠭ ᠬᠡᠮᠵᠢᠶᠡᠨ ᠳᠤ ᠬᠦᠷᠴᠡᠢ᠃ ᠡᠪᠡᠳᠴᠢᠨ ᠬᠠᠭᠤᠴᠢᠨ ᠳᠣᠰᠤᠭ᠎ᠠ ᠦᠭᠡᠢ ᠴᠤ ᠡᠳᠦᠷᠵᠢᠨ ᠮᠠᠯ ᠠᠬᠤᠢ ᠭᠡᠵᠦ ᠬᠦᠶᠦᠭᠡᠳ ᠵᠦᠭ ᠲᠠᠢ ᠠᠮᠢᠳᠣᠷᠠᠵᠣ ᠴᠢᠳᠠᠭ᠎ᠠ ᠦᠭᠡᠢ ᠪᠠᠨ ᠲᠡᠷᠡ ᠦᠪᠡᠷᠲᠡᠭᠡᠨ ᠴᠦ ᠣᠶᠢᠯᠠᠭᠠᠵᠣ ᠶᠠᠳᠠᠨ ᠮᠡᠭᠡᠶᠢᠷᠡᠨ᠎ᠡ᠃ ᠢᠩᠬᠢᠵᠦ ᠰᠠᠭᠠᠬᠠᠯᠲᠠ ᠶᠢᠨ ᠢᠶᠠᠨ ᠣᠯᠠᠭᠠᠨ ᠨᠢᠭᠤᠷ ᠢ ᠬᠠᠷᠠᠬᠤ ᠪᠠᠷ ᠲᠣᠳᠣᠷ᠎ᠠ ᠨᠢ ᠨᠢᠭᠡ ᠯᠠ ᠡᠪ ᠦᠭᠡᠶᠢᠷᠡᠨ᠎ᠡ᠃ ᠡᠷᠳᠡᠨᠢᠪᠣᠯᠠᠭ᠂ ᠭᠡᠭᠡᠪᠴᠢ ᠪᠠᠷ ᠭᠠᠳᠠᠭᠰᠢ ᠰᠢᠷᠳᠡᠭᠰᠡᠨ ᠪᠣᠯᠣᠭᠠᠳ᠄      ︽ᠣ᠂ ᠶᠠᠮᠠᠷ ᠠᠷᠭ᠎ᠠ ᠪᠠᠷ ᠪᠠᠩᠬᠢ ᠶᠢᠨ ᠵᠢᠭᠡᠯᠡᠯᠭᠡ ᠣᠯᠵᠣ ᠴᠢᠳᠠᠭᠰᠠᠨ ᠪᠣᠢ︖ ᠬᠡᠳᠦᠢ ᠳᠣᠭᠠᠨ ᠤ ᠵᠢᠭᠡᠯᠡᠯᠭᠡ ᠠᠪᠣᠭᠰᠠᠨ ᠪᠣᠢ︖︾ ᠭᠡᠬᠦ ᠳᠤ ᠪᠠᠨ ᠣᠨᠢᠭᠠᠷ ᠨᠢᠳᠦ ᠨᠢ ᠣᠨᠴᠠ ᠶᠢᠨ ᠭᠡᠷᠡᠯᠳᠦᠨ᠎ᠡ᠃ ᠪᠠᠳᠣᠬᠤᠶᠠᠭ᠄ ︽ᠭᠠᠴᠠᠭ᠎ᠠ ᠶᠢ ᠳᠠᠭᠠᠭᠠᠴᠢᠯᠠᠭᠰᠠᠨ ᠰᠣᠮᠣᠨ ᠤ ᠺᠠᠳ᠋ᠷ ᠢ ᠡᠷᠢᠭᠡᠳ ᠯᠠ ᠣᠯᠣᠯ᠎ᠠ᠃ ᠲᠠᠪᠣᠨ ᠲᠦᠮᠡ︕︾ ᠭᠡᠵᠦ ᠲᠦᠩᠭᠡᠵᠢ ᠰᠣᠨᠣᠰᠳᠠᠮ᠎ᠠ ᠬᠠᠷᠢᠭᠤᠯᠵᠠᠢ᠃ ᠢᠩᠬᠢᠭᠡᠳ ᠡᠷᠡᠮᠡᠯᠵᠡᠯ ᠤᠨ ᠬᠠᠭᠤᠳᠠᠰᠣ ᠲᠠᠭᠯᠠᠬᠤ ᠦᠶ᠎ᠡ ᠶᠢᠨ ᠪᠠᠶᠢᠳᠠᠯ ᠪᠠᠳᠣᠬᠤᠶᠠᠭ ᠤᠨ ᠨᠢᠳᠦᠨ ᠳᠤ ᠨᠢ ᠳᠣᠳᠣᠷᠠᠨ᠎ᠠ᠃      ᠪᠠᠳᠣᠬᠤᠶᠠᠭ ᠢ ᠭᠠᠴᠠᠭᠠᠨ ᠤ ᠠᠯᠪᠠᠨ ᠭᠡᠷ ᠲᠤ ᠣᠷᠣᠬᠤ ᠳᠤ ᠣᠯᠠᠭᠠᠨᠪᠠᠷᠰ᠂ ᠡᠷᠬᠢᠬᠦᠯᠳᠦ ᠰᠠᠨᠳᠠᠯᠢ ᠳᠤ ᠪᠠᠨ ᠮᠢᠳᠠᠶᠢᠭᠠᠳ ᠭᠠᠷ ᠣᠳᠠᠰᠣ ᠪᠠᠨ ᠮᠠᠯᠲᠠᠨ᠎ᠠ᠃      ︽ᠶᠠᠭᠤᠨ ᠤ ᠬᠦᠮᠦᠨ ᠪᠣᠢ︖ ᠶᠠᠮᠠᠷ ᠣᠴᠢᠷ ᠲᠠᠢ ᠪᠣᠢ︖︾      ᠣᠯᠠᠭᠠᠨᠪᠠᠷᠰ᠂ ᠬᠠᠵᠠᠭᠤ ᠳᠠᠬᠢ ᠰᠠᠨᠳᠠᠯᠢ ᠲᠡᠶᠢᠰᠢ ᠪᠠᠨ ︽ᠰᠠᠭᠤ︾ ᠭᠡᠰᠡᠨ ᠲᠦᠯᠦᠪ ᠲᠠᠢ ᠡᠷᠡᠦ ᠳᠣᠬᠢᠨ᠎ᠠ᠃       ︽ᠪᠠᠩᠬᠢ ᠶᠢᠨ ᠵᠢᠭᠡᠯᠡᠯᠭᠡ ᠣᠯᠣᠶ᠎ᠠ ᠭᠡᠵᠦ ᠲᠠᠨ ᠢ ᠭᠤᠶᠣᠬᠤ ᠪᠠᠷ ᠢᠷᠡᠯ᠎ᠡ︕︾       ︽ᠪᠠᠩᠬᠢ ᠶᠢᠨ ᠬᠢᠨ ᠮᠠᠨ ᠤ ᠭᠠᠴᠠᠭᠠᠨ ᠳᠤ ᠵᠢᠭᠡᠯᠡᠯᠭᠡ ᠳᠠᠯᠪᠢᠬᠤ ᠲᠦᠰᠦᠪ ᠬᠡᠳᠦ᠋ᠢᠨ ᠳᠠᠭᠤᠰᠴᠢᠬᠠᠭᠰᠠᠨ︕       ︽ᠬᠦᠦ ᠬᠤᠷᠢᠮᠯᠠᠬᠤ ᠭᠡᠳ ᠵᠠᠷᠣᠳᠠᠯ ᠲᠠᠢ ᠪᠣᠯᠴᠢᠬᠠᠵᠠᠢ︕ ᠲᠠ ᠠᠷᠭᠠᠯᠠᠵᠣ ᠣᠯᠣᠭᠠᠳ ᠦᠭᠬᠦᠭᠡᠷᠡᠢ ᠳ᠋ᠠ ︕︾ ᠬᠡᠰᠡᠭ ᠣᠳᠠᠲᠠᠯ᠎ᠠ ᠨᠠᠮ ᠵᠢᠮ ᠲᠠᠭ ᠴᠢᠮᠡᠭᠡ ᠦᠭᠡᠢ ᠰᠠᠭᠤᠬᠤ ᠳᠤ ᠴᠠᠷᠳᠠᠮᠠᠯ ᠵᠠᠮ ᠢᠶᠠᠷ ᠦᠩᠭᠡᠷᠡᠬᠦ ᠪᠠᠷᠠᠭᠠᠨ ᠤ ᠮᠠᠰᠢᠨ ᠤ ᠳᠠᠭᠤ ᠪᠦᠦᠷ ᠲᠦᠦᠷ ᠰᠣᠨᠣᠰᠳᠠᠨ᠎ᠠ᠃ ᠣᠯᠠᠭᠠᠨᠪᠠᠷᠰ᠂ ᠪᠠᠳᠣᠬᠤᠶᠠᠭ ᠢ ᠲᠣᠣᠭᠤᠷ ᠰᠢᠷᠪᠢᠨ ᠬᠠᠷᠠᠵᠣ᠄       ︽ᠲᠠᠨᠣᠰ ᠲᠡᠭᠡᠭᠡᠳ ᠬᠤᠨᠢᠳ ᠢᠶᠠᠨ ᠲᠣᠷ᠎ᠠ ᠪᠠᠷ ᠨᠢ ᠪᠡᠯᠴᠢᠭᠡᠷᠯᠡᠭᠦᠯᠵᠦ ᠪᠠᠶᠢᠭ᠎ᠠ ᠰᠢᠳᠡ︕ ᠪᠠᠰᠠ ᠪᠠᠩᠬᠢ ᠶᠢᠨ ᠵᠢᠭᠡᠯᠡᠯᠭᠡ ᠣᠯᠬᠤ ᠰᠠᠨᠠᠭ᠎ᠠ ᠲᠠᠢ︕︾ ᠭᠡᠪᠡ᠃       ︽ᠪᠢᠳᠡ ᠬᠤᠨᠢᠳ ᠢᠶᠠᠨ ᠬᠠᠰᠢᠶᠠᠯᠠᠵᠣ ᠪᠠᠶᠢᠭ᠎ᠠ ᠰᠢᠣ︕ ᠲᠣᠷ᠎ᠠ ᠪᠠᠷ ᠪᠡᠯᠴᠢᠭᠡᠷᠯᠡᠭᠦᠯᠵᠦ ᠪᠠᠶᠢᠬᠤ ᠦᠭᠡᠢ ᠡ︕︾       ︽ᠠᠷᠪᠠᠨ ᠭᠤᠷᠪᠠᠨ ᠤ ᠰᠦᠨᠢ ᠬᠤᠨᠢᠳ ᠢᠶᠠᠨ ᠬᠤᠶᠢᠳᠣ ᠵᠢᠯᠠᠭᠠᠨ ᠳᠤ ᠲᠠᠪᠠᠲᠠᠢ ᠪᠡᠯᠴᠢᠭᠡᠷᠯᠡᠭᠦᠯᠵᠦ ᠪᠠᠶᠢᠭᠰᠠᠨ ᠢᠶᠠᠨ ᠴᠡᠭᠡᠵᠢᠯᠡᠵᠦ ᠪᠠᠶᠢᠨ᠎ᠠ ᠦᠦ︖︾       ᠪᠠᠳᠣᠬᠤᠶᠠᠭ ᠤᠨ ᠬᠠᠮᠠᠷ ᠨᠢ ᠱᠤᠤᠬᠢᠨᠡᠨ ᠰᠠᠭᠤᠳᠠᠯ ᠳᠤ ᠪᠠᠨ ᠣᠪᠣᠯᠵᠠᠨ᠎ᠠ᠃ ᠬᠤᠨᠢᠳ ᠢᠶᠠᠨ ᠭᠤᠣᠯ ᠳᠤ ᠣᠰᠣᠯᠠᠬᠤ ᠭᠡᠵᠦ ᠪᠠᠶᠢᠭᠠᠳ ᠬᠠᠰᠢᠵᠣ ᠳᠡᠶᠢᠯᠦᠭᠰᠡᠨ ᠦᠭᠡᠢ ᠬᠤᠶᠢᠳᠣ ᠵᠢᠯᠠᠭᠠᠨ ᠳᠤ ᠣᠷᠣᠭᠤᠯᠣᠭᠰᠠᠨ ᠢᠶᠠᠨ ᠪᠠᠳᠣᠬᠤᠶᠠᠭ ᠶᠠᠭᠤᠨ ᠮᠠᠷᠳᠠᠬᠤ ᠠᠵᠢ᠃ ᠬᠢᠯᠢᠰᠳᠡᠭᠰᠡᠨ ᠢᠶᠠᠨ ᠳᠠᠷᠣᠢ ᠳᠤ ᠨᠢ ᠳᠣᠳᠣᠷᠬᠠᠶᠢᠯᠠᠭᠰᠠᠨ ᠴᠦ ᠵᠠᠰᠠᠭ ᠤᠨ ᠨᠣᠶᠠᠳ ᠢᠲᠡᠭᠡᠬᠦ ᠦᠭᠡᠢ ᠶᠤᠮ ᠴᠢᠨᠢ ᠨᠡᠩ ᠣᠳᠣ ᠶᠠᠷᠢᠭᠠᠳ ᠶᠠᠮᠠᠷ ᠲᠣᠰᠠ ᠭᠠᠷᠬᠤ ᠪᠢᠯᠡ︖       ︽ᠮᠠᠯ ᠢ ᠬᠠᠰᠢᠶᠠᠯᠠᠵᠣ ᠪᠠᠶᠢᠬᠤ ᠨᠢ ᠡᠪᠡᠰᠦ ᠪᠡᠯᠴᠢᠭᠡᠷ ᠤᠨ ᠣᠷᠭᠤᠯᠲᠠ ᠶᠢ ᠪᠠᠳᠣᠯᠠᠬᠤ ᠶᠢᠨ ᠲᠦᠯᠦᠭᠡ᠃ ᠣᠷᠴᠢᠨ ᠲᠣᠭᠤᠷᠢᠨ ᠢ ᠰᠠᠶᠢᠵᠢᠷᠠᠭᠤᠯᠬᠤ ᠶᠢᠨ ᠲᠦᠯᠦᠭᠡ︕ ᠪᠦᠷ ᠲᠠᠨ ᠤ ᠮᠠᠯᠴᠢᠳ ᠤᠨ ᠲᠦᠯᠦᠭᠡ ᠰᠢᠦ︕ ᠮᠡᠳᠡᠪᠡ ᠦᠦ︖︾       ᠪᠠᠳᠣᠬᠤᠶᠠᠭ᠂ ᠪᠣᠰᠴᠣ ᠦᠨᠳᠡᠶᠢᠭᠡᠳ᠄       ︽ᠵᠠ ᠵᠠ᠂ ᠮᠡᠳᠡᠭᠰᠡᠨ︕ ᠮᠡᠳᠡᠯ᠎ᠡ︕︾ ᠭᠡᠵᠦ ᠲᠣᠯᠣᠭᠠᠢ ᠲᠣᠬᠢᠯᠵᠠᠯ᠎ᠠ᠃ ᠣᠯᠠᠭᠠᠨᠪᠠᠷᠰ᠂ ᠣᠷᠣᠭᠰᠢ ᠲᠦᠭᠦᠵᠦ᠄       ︽ᠪᠠᠩᠬᠢ ᠶᠢᠨ ᠵᠢᠭᠡᠯᠡᠯᠭᠡ ᠵᠠᠷᠣᠬᠤ ᠰᠠᠨᠠᠭ᠎ᠠ ᠲᠠᠢ ᠪᠣᠯ ᠮᠠᠯ ᠢᠶᠠᠨ ᠬᠠᠰᠢᠶᠠᠯᠠᠵᠣ ᠲᠡᠵᠢᠭᠡᠬᠦ ᠭᠡᠳᠡᠭ ᠪᠠᠳᠣᠯᠠᠭ᠎ᠠ ᠶᠢᠨ ᠪᠢᠴᠢᠭ ᠢᠶᠠᠨ ᠪᠢᠴᠢᠵᠦ᠂ ᠪᠠᠳᠣᠯᠠᠭ᠎ᠠ ᠶᠢᠨ ᠮᠦᠩᠭᠦ ᠪᠠᠨ ᠳᠣᠰᠢᠶᠠ︕ ᠲᠡᠭᠡᠬᠦ ᠦᠬᠡᠢ ᠪᠣᠯ ᠭᠤᠷᠢ ᠪᠠᠨ ᠲᠠᠲᠠ︕︾ ᠭᠡᠳ ᠬᠠᠰᠬᠢᠷᠪᠠ᠃ ᠪᠠᠳᠣᠯᠠᠭ᠎ᠠ ᠶᠢᠨ ᠪᠢᠴᠢᠭ ᠭᠡᠵᠦ ᠦᠨᠡᠨ ᠳᠤ ᠪᠠᠨ ᠪᠡᠯᠡᠨ ᠪᠠᠶᠢᠭ᠎ᠠ ᠵᠦᠢᠯ᠂ ᠲᠡᠭᠦᠨ ᠳᠤ ᠨᠢ ᠭᠠᠷ ᠤᠨ ᠦᠰᠦᠭ ᠵᠢᠷᠣᠬᠤ ᠲᠡᠳᠦᠢ᠃ ᠪᠠᠳᠣᠬᠤᠶᠠᠭ᠂ ᠰᠦᠯᠳᠡ ᠶᠢᠨ ᠳᠠᠪᠠᠭᠠᠨ ᠤ ᠳᠡᠮᠣᠷ ᠤᠨ ᠠᠭᠤᠷᠬᠠᠢ ᠶᠢ ᠨᠡᠭᠡᠭᠡᠬᠦ ᠦᠶ᠎ᠡ ᠶᠢᠨ ᠪᠠᠳᠣᠯᠠᠭ᠎ᠠ ᠶᠢᠨ ᠪᠢᠴᠢᠭ ᠲᠤ ᠭᠠᠷ ᠤᠨ ᠦᠰᠦᠭ ᠵᠢᠷᠣᠭᠰᠠᠨ ᠰᠢᠭ᠋ ᠨᠡᠷ᠎ᠡ ᠪᠠᠨ ᠲᠠᠪᠤ ᠬᠤᠪᠢᠶᠠᠨ ᠪᠣᠯᠭᠤᠮᠵᠢᠲᠠᠶᠢᠬᠠᠨ ᠪᠢᠴᠢᠵᠡᠢ᠃ ᠲᠡᠷᠡ᠂ ᠣᠪᠣᠭ ᠢᠶᠠᠨ ᠳᠠᠭᠠᠭᠤᠯᠵᠣ ᠪᠠᠶᠢᠭᠰᠠᠨ ᠡᠰᠡᠬᠦ ᠪᠠᠨ ᠬᠠᠷᠢᠨ ᠳᠠᠰᠣ ᠮᠠᠷᠳᠠᠵᠣ ᠣᠷᠬᠢᠭᠰᠠᠨ᠃ ᠬᠠᠷᠢᠨ ︽ᠭᠠᠵᠠᠷ ᠢᠶᠠᠨ ᠣᠬᠤᠪᠠᠯ ᠭᠠᠴᠢᠭᠳᠠᠬᠤ ᠦᠭᠡᠢ᠃ ᠪᠠᠶᠠᠨ ᠴᠢᠨᠡᠭᠡᠯᠢᠭ ᠠᠮᠢᠳᠣᠷᠠᠬᠤ ᠶᠢ ᠪᠠᠳᠣᠯᠠᠵᠣ ᠴᠢᠳᠠᠨ᠎ᠠ︕︾ ᠭᠡᠳᠡᠭ ᠠᠩᠬᠠᠨ ᠤ ᠣᠳᠣᠷᠢᠳᠣᠯᠭ᠎ᠠ ᠶᠢᠨ ᠶᠠᠷᠢᠶ᠎ᠠ ᠶᠢ ᠰᠠᠨᠠᠭᠠᠯᠵᠠᠪᠠ᠃ ᠣᠳᠤᠭ᠎ᠠ ᠰᠢᠭ᠋ ᠬᠠᠷᠠᠯᠠᠵᠣ ᠣᠶᠢᠴᠢᠭᠰᠠᠨ ᠰᠦᠯᠳᠡ ᠶᠢᠨ ᠳᠠᠪᠠᠭ᠎ᠠ ᠪᠣᠳᠣᠯ ᠳᠤ ᠨᠢ ᠴᠣᠬᠤᠢᠢᠬᠤ ᠪᠠᠷ ᠪᠠᠳᠣᠬᠤᠶᠠᠭ ︽ᠠᠯᠢ ᠨᠢᠭᠡ ᠡᠳᠦᠷ ᠣᠪᠣᠭ᠎ᠠ ᠡᠷᠳᠡᠨᠢ ᠭᠠᠷᠣᠭᠠᠳ ᠪᠢᠲᠡᠨ ᠢ ᠪᠠᠶᠠᠵᠢᠭᠤᠯᠳᠠᠭ ᠪᠣᠯ ᠳ᠋ᠠ︕︾ ᠭᠡᠵᠦ ᠳᠣᠳᠣᠷ᠎ᠠ ᠪᠠᠨ ᠵᠠᠯᠪᠠᠷᠢᠪᠠ᠃ ᠣᠳᠣ ᠠᠳᠠᠯᠢ ᠦᠭᠡᠢ ᠨᠢ ᠭᠡᠪᠡᠯ᠂ ᠲᠡᠭᠦᠨ ᠳᠤ ᠮᠦᠩᠭᠦ ᠦᠭᠬᠦ ᠭᠡᠵᠦ ᠪᠠᠶᠢᠭ᠎ᠠ ᠪᠢᠰᠢ᠂ ᠬᠠᠷᠢᠨ ᠴᠦ ᠬᠦᠰᠡᠭᠡᠳ ᠣᠯᠬᠤ ᠦᠭᠡᠢ ᠣᠯᠠᠭᠠᠨ ᠡᠷᠢᠶᠡᠨ ᠢ ᠨᠢ ᠮᠢᠩᠭ᠎ᠠ ᠳᠣᠰᠢᠶᠠᠯᠭᠠᠬᠤ ᠭᠡᠵᠦ ᠪᠠᠶᠢᠳᠠᠭ᠃ ᠣᠯᠠᠩᠬᠢ ᠶᠠᠭᠤᠮ᠎ᠠ ᠬᠦᠮᠦᠨ ᠤ ᠰᠠᠨᠠᠭ᠎ᠠ ᠪᠠᠷ ᠪᠣᠯᠳᠠᠭ ᠦᠭᠡᠢ ᠡ᠃ ᠪᠠᠳᠣᠬᠤᠶᠠᠭ ᠮᠠᠷᠭᠠᠰᠢ ᠨᠢ ᠪᠠᠳᠣᠯᠠᠭ᠎ᠠ ᠶᠢᠨ ᠮᠦᠩᠭᠦ ᠬᠡᠮᠡᠨ ᠮᠢᠩᠭᠠᠨ ᠲᠦᠭᠦᠷᠢᠭ ᠳᠣᠰᠢᠶᠠᠭᠠᠳ ᠰᠠᠶ᠋ᠢ ᠣᠯᠠᠭᠠᠨᠪᠠᠷᠰ ᠠᠴᠠ ᠪᠠᠩᠬᠢ ᠶᠢᠨ ᠵᠢᠭᠡᠯᠡᠯᠭᠡ ᠬᠦᠷᠲᠡᠬᠦ ᠶᠣᠰᠣᠳᠠᠢ ᠪᠠᠳᠣᠯᠠᠭ᠎ᠠ ᠶᠢᠨ ᠬᠠᠭᠤᠳᠠᠰᠣ ᠬᠢᠵᠦ ᠠᠪᠣᠭᠰᠠᠨ᠃ ᠮᠦᠩᠭᠦᠲᠡᠢ ᠭᠠᠴᠠᠭᠠᠨ ᠤ ᠪᠠᠩᠬᠢ ᠶᠢᠨ ᠵᠢᠭᠡᠯᠡᠯᠭᠡ ᠶᠢᠨ ᠪᠠᠳᠣᠯᠠᠭ᠎ᠠ ᠶᠢ ᠬᠠᠮᠢᠶᠠᠷᠳᠠᠭ ᠨᠢ ᠮᠠᠨᠰᠠᠩ ᠭᠡᠳᠡᠭ ᠲᠦᠴᠢᠭᠡᠳ ᠨᠠᠰᠣᠨ ᠤ ᠡᠷ᠎ᠡ ᠪᠢᠯᠡ᠃ ᠦᠨᠦ ᠵᠢᠷᠣᠮᠠᠯ ᠬᠦᠮᠦᠰᠭᠡ ᠲᠠᠢ ᠠᠪᠣᠭᠠᠢ ᠪᠠᠳᠣᠯᠠᠭ᠎ᠠ ᠶᠢᠨ ᠬᠠᠭᠤᠳᠠᠰᠣ ᠶᠢ ᠬᠡᠳᠦᠨᠲᠡ ᠣᠷᠪᠠᠭᠤᠯᠣᠨ ᠱᠠᠭᠠᠶᠢᠭᠠᠳ᠄       ︽ᠵᠠ ᠪᠣᠯᠣᠨ᠎ᠠ᠃ ᠠᠰᠠᠭᠤᠳᠠᠯ ᠦᠭᠡᠢ︕ ᠣᠳᠣ ᠡᠳ᠋ ᠤᠨ ᠵᠠᠰᠠᠭ ᠠᠴᠠ ᠴᠠᠯᠢᠩ ᠢᠳᠡᠵᠦ ᠪᠠᠶᠢᠭ᠎ᠠ ᠨᠢᠭᠡ ᠪᠠᠳᠣᠯᠠᠭ᠎ᠠ ᠶᠢᠨ ᠬᠦᠮᠦᠨ ᠢ ᠣᠯᠵᠣ ᠭᠠᠷ ᠤᠨ ᠦᠰᠦᠭ ᠵᠢᠷᠣᠭᠤᠯᠬᠤ ᠬᠡᠷᠡᠭᠲᠡᠢ ᠪᠠᠶᠢᠨ᠎ᠠ︕︾ ᠭᠡᠵᠦ ᠵᠠᠬᠢᠪᠠ᠃       ︽ᠬᠦᠶ᠋ᠢ᠂ ᠪᠣᠯᠠᠭ ᠡ︕ ᠠᠬ᠎ᠠ ᠳᠤ ᠪᠠᠨ ᠬᠦᠯ ᠵᠠᠯᠭᠠᠭᠤᠯᠣᠭᠠᠳ ᠦᠭ ᠳ᠋ᠠ︕ ᠣᠳᠠᠯ ᠦᠭᠡᠢ ᠦᠭᠡᠷ ᠬᠤᠳᠠᠯᠳᠣᠪᠠᠯ ᠵᠢᠭᠡᠯᠡᠯᠭᠡ ᠶᠢᠨ ᠵᠣᠭᠤᠰᠣᠨ ᠤ ᠶᠡᠭᠡᠩᠬᠢ ᠬᠠᠭᠠᠰ ᠢ ᠨᠢ ᠲᠦᠯᠦᠵᠦ ᠳᠡᠶᠢᠯᠦᠨ᠎ᠡ︕︾       ᠪᠠᠳᠣᠬᠤᠶᠠᠭ᠂ ᠨᠢᠭᠤᠷ ᠢᠶᠠᠨ ᠰᠢᠷᠢᠯᠡᠨ ᠨᠠᠮ ᠳᠠᠭᠤᠨ ᠢᠶᠠᠷ ᠨᠦᠭᠦᠭᠡᠳᠡᠬᠢ ᠪᠠᠨ ᠱᠠᠯᠠᠭᠠᠵᠠᠢ᠃ ᠲᠡᠭᠡᠬᠦ ᠠᠴᠠ ᠨᠠᠭᠠᠭᠤᠷ ᠲᠡᠭᠦᠨ ᠳᠤ ᠦᠭᠡᠷ᠎ᠡ ᠲᠣᠬᠢᠲᠠᠢ ᠠᠷᠭ᠎ᠠ ᠣᠯᠳᠠᠭᠰᠠᠨ ᠦᠭᠡᠢ᠃ ᠡᠷᠳᠡᠨᠢᠪᠣᠯᠠᠭ᠂ ᠲᠡᠭᠦᠨ ᠳᠤ ᠠᠶᠠᠭ᠎ᠠ ᠴᠠᠢ ᠣᠶᠢᠷᠠᠳᠣᠭᠤᠯᠵᠣ᠄       ︽ᠲᠠᠨ ᠢ ᠢᠳᠡᠭᠡᠬᠦ ᠦᠭᠡᠢ ᠭᠠᠵᠠᠷ ᠦᠭᠡᠢ ᠡ᠃ ᠭᠤᠣᠯ ᠨᠢ ᠪᠢ ᠦᠪᠡᠷᠳᠡᠭᠡᠨ ᠲᠠᠷᠢᠶᠠᠯᠠᠩ ᠤᠨ ᠪᠠᠩᠬᠢ ᠳᠤ ᠵᠢᠭᠡᠯᠡᠯᠭᠡ ᠶᠢᠨ ᠮᠦᠩᠭᠦᠨ ᠤ ᠦᠷᠢ ᠲᠠᠢ᠃ ᠳᠠᠬᠢᠪᠠᠯ᠂ ᠲᠦᠷᠪᠡᠨ ᠢᠲᠡᠭᠡᠮᠵᠢ ᠶᠢᠨ ᠺᠠᠷᠲ ᠬᠡᠷᠡᠭᠯᠡᠵᠦ ᠪᠣᠢ ᠰᠢᠣ︕ ᠮᠠᠭᠤ ᠳᠡᠭᠦᠦ ᠴᠢᠨᠢ ᠪᠢ ᠲᠡᠭᠦᠨ ᠤ ᠲᠣᠭᠤᠷᠢᠨ ᠳᠤ ᠦᠷᠢ ᠲᠦᠯᠦᠭᠡᠳ ᠬᠤᠷᠯᠣ ᠡᠷᠬᠢᠳᠡᠭ᠃ ᠨᠠᠲᠠ ᠪᠠᠷ ᠪᠠᠳᠣᠯᠠᠭᠤᠯᠬᠤ ᠶᠢ ᠪᠠᠩᠬᠢ ᠵᠦᠪᠰᠢᠶᠡᠷᠡᠬᠦ ᠦᠭᠡᠢ ᠳ᠋ᠠ︕︾ ᠭᠡᠵᠦ ᠢᠨᠢᠶᠡᠮᠰᠦᠭᠯᠡᠨ ᠳᠣᠳᠣᠷᠬᠠᠶᠢᠯᠠᠨ᠎ᠠ᠃ ᠪᠠᠳᠣᠬᠤᠶᠠᠭ᠂ ᠣᠷᠳᠣ ᠠᠮᠢᠰᠬᠤᠭ᠎ᠠ ᠠᠪᠴᠣ ︽ᠣᠳᠣ ᠶᠠᠭᠠᠬᠢᠨ᠎ᠠ︖︾ ᠭᠡᠰᠡᠨ ᠪᠠᠶᠢᠷᠢ ᠲᠠᠢ ᠲᠦᠷᠪᠡᠯᠵᠢᠨ ᠰᠢᠷᠡᠭᠡᠨ ᠤ ᠦᠨᠴᠦᠭ ᠢ ᠲᠣᠯᠣᠪᠣᠷ ᠬᠤᠷᠣᠭᠤ ᠪᠠᠷ ᠢᠶᠠᠨ ᠱᠦᠷᠭᠦᠭᠡᠵᠦ ᠯᠠ ᠰᠠᠭᠤᠨ᠎ᠠ᠃ ᠡᠷᠳᠡᠨᠢᠪᠣᠯᠠᠭ᠄       ︽ᠲᠡᠭᠡᠬᠦ ᠦᠭᠡᠢ ᠪᠣᠯ ᠲᠡᠭᠦᠦ ᠴᠢᠨᠢ ᠬᠤᠶᠢᠰᠢ ᠣᠬᠤᠷᠢᠬᠤ ᠦᠭᠡᠢ ᠰᠢᠣ︕ ᠴᠠᠯᠢᠩ ᠦᠷᠢᠳᠦᠵᠦ ᠪᠠᠶᠢᠭᠰᠠᠨ ᠬᠤᠭᠤᠴᠠᠭᠠᠨ ᠳᠤ ᠠᠬ᠎ᠠ ᠲᠠ ᠬᠤᠷᠠᠭ᠎ᠠ ᠬᠤᠳᠠᠯᠳᠣᠭᠰᠠᠨ ᠵᠣᠭᠤᠰ ᠢᠶᠠᠨ ᠮᠠᠨ ᠳᠤ ᠬᠦᠦ ᠮᠦᠩᠬᠦ ᠦᠭᠡᠢ ᠵᠢᠭᠡᠯᠡᠭᠦᠯᠵᠦ ᠪᠠᠶᠢᠭᠰᠠᠨ ᠢ ᠬᠡᠵᠢᠶᠡᠲᠡ ᠮᠠᠷᠳᠠᠬᠤ ᠦᠭᠡᠢ ᠡ︕︾ ᠭᠡᠵᠦ ᠬᠠᠷᠠᠮᠰᠠᠨ ᠨᠦᠭᠦᠪᠦᠷᠢᠯᠡᠪᠡ᠃ ᠡᠷᠳᠡᠨᠢᠪᠣᠯᠠᠭ ᠭᠡᠭᠴᠢ ᠦᠴᠦᠭᠡᠨ ᠵᠢᠷᠦᠬᠡ ᠲᠠᠢ ᠬᠡᠷᠰᠡᠦ ᠪᠣᠯᠭᠤᠮᠵᠢᠲᠠᠢ ᠨᠢᠭᠡᠨ ᠶᠤᠮ᠃ ᠦᠪᠡᠷᠲᠡᠬᠡᠨ ᠦᠷᠢ ᠰᠢᠷᠢ ᠲᠠᠢ ᠪᠠᠳᠣᠯᠠᠭ᠎ᠠ ᠶᠢᠨ ᠬᠦᠮᠦᠨ ᠪᠣᠯᠵᠣ ᠲᠡᠶᠢᠯᠬᠦ ᠦᠭᠡᠢ ᠭᠡᠬᠦ ᠳᠤ ᠦᠷᠦᠭᠡᠯ ᠪᠠᠰᠠ ᠴᠢᠨᠠᠭᠰᠢ ᠵᠢᠭᠤᠷᠠᠭᠠᠳ ᠪᠠᠶᠢᠪᠠᠯ ᠲᠡᠷᠡ ᠪᠦᠰᠡᠭᠦᠢ ᠵᠦᠪᠰᠢᠶᠡᠷᠡᠬᠦ ᠦᠭᠡᠢ ᠬᠡᠮᠡᠨ ᠨᠢᠭᠡᠮᠦᠰᠦᠨ ᠲᠦᠯᠬᠢᠵᠦ ᠣᠷᠬᠢᠳᠠᠭ᠃ ᠡᠴᠦᠰ ᠲᠤ ᠨᠢ ︽ᠲᠡᠷᠡ ᠪᠠᠳᠣᠯᠠᠭ᠎ᠠ ᠶᠢᠨ ᠬᠦᠮᠦᠨ ᠪᠣᠯᠵᠣ ᠴᠢᠳᠠᠨ᠎ᠠ᠃ ᠭᠡᠬᠦ ᠳᠤ ᠪᠠᠨ ᠨᠠᠮ᠎ᠠ ᠶᠢ ᠬᠡᠯᠡᠯ᠎ᠡ ᠭᠡᠵᠦ ᠪᠣᠣ ᠶᠠᠷᠢ︕︾ ᠭᠡᠳ ᠮᠡᠷᠭᠡᠯᠡᠵᠦ ᠰᠠᠶᠢᠮᠰᠣᠷᠠᠳᠠᠭ᠃ ᠪᠣᠰᠣᠳ ᠲᠤ ᠪᠠᠳᠣᠯᠠᠭ᠎ᠠ ᠶᠢᠨ ᠬᠦᠮᠦᠨ ᠣᠷᠣᠭᠠᠳ ᠬᠡᠷᠡᠭ ᠲᠤ ᠣᠷᠢᠶᠠᠭᠳᠠᠵᠣ ᠰᠢᠭᠦᠬᠦ ᠳᠤ ᠳᠠᠭᠤᠳᠠᠭᠳᠠᠭᠰᠠᠨ︔ ᠬᠠᠷ᠎ᠠ ᠳᠠᠩᠰᠠᠨ ᠳᠤ ᠣᠷᠣᠵᠣ ᠴᠠᠯᠢᠩ ᠤᠨ ᠺᠠᠷᠲ ᠢᠶᠠᠨ ᠲᠦᠭᠵᠢᠭᠦᠯᠦᠭᠰᠡᠨ ᠮᠡᠳᠦ ᠶᠢᠨ ᠠᠮᠢᠳᠣ ᠵᠢᠱᠢᠶ᠎ᠡ ᠴᠦ ᠮᠣᠩ ᠦᠭᠡᠢ ᠣᠯᠠᠨ ᠪᠣᠢ᠃ ᠲᠡᠭᠡᠬᠦ ᠪᠠᠷ ᠠᠯᠪᠠᠲᠠᠳ ᠤᠨ ᠢᠩᠬᠢᠵᠦ ᠬᠤᠶᠢᠰᠢ ᠣᠬᠤᠷᠢᠵᠣ ᠬᠢᠴᠢᠶᠡᠬᠦ ᠶᠢ ᠪᠣᠷᠣᠭᠤ ᠭᠡᠬᠦ ᠳᠤ ᠪᠠᠰᠠ ᠪᠡᠷᠬᠡ᠃ ᠡᠷᠳᠡᠨᠢᠪᠣᠯᠠᠭ᠂ ᠮᠦᠷᠦ ᠪᠠᠨ ᠰᠢᠯᠭᠡᠭᠡᠵᠦ᠄      ︽ᠬᠠᠳᠠᠴᠢᠯᠠᠭᠤ ᠶᠢᠨ ᠬᠢ ᠠᠰᠠᠷ ᠴᠦ ᠠᠪᠣᠭ᠎ᠠ ᠦᠭᠡᠢ᠃ ᠬᠤᠶᠠᠷ ᠬᠡᠣᠬᠡᠳ ᠨᠢ ᠪᠦᠷ ᠶᠡᠭᠡ ᠰᠣᠷᠭᠠᠭᠤᠯᠢ ᠶᠢᠨ ᠰᠣᠷᠣᠯᠭ᠎ᠠ ᠪᠠᠨ ᠲᠡᠭᠦᠰᠭᠡᠴᠢᠭᠡᠭᠰᠡᠨ᠃ ᠲᠡᠳᠡ ᠯᠠᠪᠲᠠᠢ ᠲᠠᠨ ᠳᠤ ᠪᠠᠳᠣᠯᠠᠭ᠎ᠠ ᠶᠢᠨ ᠬᠦᠮᠦᠨ ᠪᠣᠯᠵᠣ ᠲᠡᠶᠢᠯᠦᠨ᠎ᠡ︕︾ ᠭᠡᠵᠦ ᠣᠯᠵᠠᠭᠤᠷᠬᠠᠨ ᠶᠠᠷᠢᠯ᠎ᠠ᠃ ᠪᠠᠳᠣᠬᠤᠶᠠᠭ᠂ ᠪᠣᠰᠴᠣ ᠦᠨᠳᠡᠶᠢᠭᠡᠳ᠄       ︽ᠶᠠᠭᠠᠷᠠᠪᠠᠯ ᠰᠠᠭᠠᠷᠠᠨ᠎ᠠ ᠭᠡᠳᠡᠭ᠃ ᠪᠢ ᠶᠠᠭᠠᠬᠢᠭᠠᠳ ᠬᠠᠳᠠᠴᠢᠯᠠᠭᠤ ᠶᠢ ᠪᠣᠳᠣᠵᠣ ᠣᠯᠣᠭᠰᠠᠨ ᠦᠭᠡᠢ ᠪᠣᠢ︖︾ ᠭᠡᠵᠦ ᠮᠠᠩᠨᠠᠢ ᠪᠠᠨ ᠠᠯᠠᠭᠠᠳᠠᠪᠠ᠃ ᠲᠡᠷᠡ᠂ ᠲᠣᠮᠣ ᠰᠠᠷᠠᠪᠴᠢᠳᠣ ᠮᠠᠯᠠᠭᠠᠢ ᠪᠠᠨ ᠪᠠᠷᠠᠭᠤᠨ ᠭᠠᠷ ᠢᠶᠠᠷ ᠢᠶᠠᠨ ᠪᠠᠵᠠᠵᠣ ᠠᠪᠣᠯ᠎ᠠ᠃       ︽ᠲᠠ ᠲᠡᠭᠡᠭᠡᠳ ᠶᠠᠪᠣᠬᠤ ᠦᠦ︖︾       ︽ᠲᠡᠭᠡᠶ᠎ᠡ︕ ᠬᠠᠳᠠᠴᠢᠯᠠᠭᠤ ᠦᠴᠦᠭᠡᠳᠦᠷ ᠬᠤᠰᠢᠭᠤ ᠪᠠᠯᠭᠠᠰᠣ ᠣᠷᠣᠨ᠎ᠠ ᠭᠡᠵᠦ ᠸᠢᠴᠠᠲ ᠲᠡᠭᠡᠷ᠎ᠡ ᠶᠠᠷᠢᠵᠣ ᠪᠠᠶᠢᠭᠰᠠᠨ᠃ ᠠᠷᠠᠢ ᠬᠦᠳᠡᠯᠦᠭᠡ ᠦᠭᠡᠢ ᠪᠣᠯ ᠰᠠᠶᠢᠨ︕︾       ᠰᠢᠷ᠎ᠠ ᠭᠦᠯᠦᠭᠡ ᠬᠤᠪ ᠬᠤᠪ ᠬᠡᠳᠦ ᠬᠤᠴᠠᠭᠠᠳ ᠵᠠᠯᠬᠠᠭᠤᠷᠠᠭᠰᠠᠨ ᠪᠣᠯᠣᠯᠲᠠᠢ ᠳᠠᠬᠢᠵᠣ ᠨᠠᠭᠠᠰᠢ ᠪᠣᠷᠠᠭᠰᠠᠨ ᠦᠭᠡᠢ ᠡᠭᠦᠷ ᠲᠤ ᠪᠠᠨ ᠰᠢᠷᠭᠤᠵᠠᠢ᠃ ᠪᠠᠳᠣᠬᠤᠶᠠᠭ᠂ ︽ᠣᠳᠠᠰᠣᠳᠠᠬᠤ ᠦᠦ︖︾ ᠬᠡᠮᠡᠨ ᠡᠷᠡᠭᠡᠯᠵᠡᠨ ᠵᠣᠭᠰᠣᠲᠠᠯ᠎ᠠ ᠬᠠᠳᠠᠴᠢᠯᠠᠭᠤ ᠶᠢᠨ ᠪᠦᠰᠡᠭᠦᠢ ᠦᠷᠡᠵᠢᠮᠢᠰ ᠬᠠᠭᠠᠯᠭ᠎ᠠ ᠣᠩᠭᠤᠶᠢᠯᠭᠠᠨ ᠣᠭᠳᠣᠵᠠᠢ᠃       ︽ᠠᠶᠢᠯ ᠤᠨ ᠠᠬ᠎ᠠ ᠰᠠᠶᠢᠨ ᠶᠠᠪᠣᠵᠣ ᠢᠷᠡᠪᠡ ᠦᠦ︖︾       ︽ᠵᠠ᠂ ᠰᠠᠶᠢᠨ ᠰᠠᠶᠢᠨ᠃ ᠳᠠᠩᠰᠤᠭ ᠨᠠᠮᠣᠷ ᠪᠣᠯᠵᠣ ᠪᠠᠶᠢᠨ᠎ᠠ ᠦᠦ︖︾       ︽ᠨᠢᠳᠦᠨᠦᠨ ᠰᠢᠭ ᠵᠦᠩᠳᠡᠭᠡᠨ ᠪᠣᠷᠤᠭ᠎ᠠ ᠱᠠᠪᠰᠢᠭᠰᠠᠨ ᠪᠢᠰᠢ ᠰᠢᠦ᠃ ᠴᠡᠪᠡᠷ ᠨᠠᠮᠣᠷ ᠪᠣᠯᠬᠤ ᠨᠢ ᠡ︕︾       ᠦᠷᠡᠵᠢᠮᠢᠰ᠂ ᠠᠷᠣ ᠶᠢᠨ ᠬᠠᠰᠢᠶᠠᠨ ᠳᠤ ᠨᠣᠭᠤᠭ᠎ᠠ ᠣᠰᠣᠯᠠᠵᠣ ᠪᠠᠶᠢᠭᠰᠠᠨ ᠬᠠᠳᠠᠴᠢᠯᠠᠭᠤ ᠶᠢ ᠳᠠᠭᠤᠳᠠᠯ᠎ᠠ᠃ ᠬᠤᠶᠠᠭᠤᠯᠠ ᠡᠬᠢᠯᠡᠩᠭᠦᠲᠡ ᠬᠤᠷ᠎ᠠ ᠪᠣᠷᠤᠭ᠎ᠠ ᠨᠣᠭᠤᠭ᠎ᠠ ᠲᠠᠷᠢᠶ᠎ᠠ ᠶᠢᠨ ᠲᠣᠬᠠᠢ ᠪᠠᠭ᠋ᠠᠨ ᠵᠣᠭᠤᠭᠳᠠᠪᠠ᠃ ᠪᠠᠳᠣᠬᠤᠶᠠᠭ᠂ ᠳᠠᠮᠠᠬᠢ ᠠᠴᠠ ᠨᠢᠭᠡ ᠭᠤᠳᠣᠯᠢ ᠨᠣᠴᠣᠭᠠᠵᠣ᠄       ︽ᠮᠢᠨᠦ ᠡᠷᠲᠡ ᠳᠤ ᠬᠡᠯᠡᠵᠦ ᠪᠠᠶᠢᠳᠠᠭ ᠦᠨᠦ ᠪᠠᠩᠬᠢ ᠶᠢᠨ ᠵᠢᠭᠡᠯᠡᠯᠭᠡ ᠶᠢ ᠣᠯᠴᠢᠬᠠᠭᠰᠠᠨ᠃ ᠣᠳᠣ ᠪᠠᠳᠣᠯᠠᠭ᠎ᠠ ᠶᠢᠨ ᠬᠦᠮᠦᠨ ᠬᠡᠷᠡᠭᠲᠡᠢ ᠪᠣᠯᠣᠭᠠᠳ ᠲᠡᠭᠦᠦ ᠶᠢ ᠡᠷᠢᠵᠦ ᠢᠷᠡᠭᠰᠡᠨ︕︾ ᠭᠡᠵᠦ ᠣᠴᠢᠷ ᠢᠶᠠᠨ ᠬᠡᠯᠡᠵᠦ ᠭᠠᠷᠭᠠᠵᠠᠢ᠃ ᠬᠠᠳᠠᠴᠢᠯᠠᠭᠤ ᠬᠤᠭᠤᠯᠠᠢ ᠵᠠᠰᠠᠵᠣ᠄       ︽ᠬᠠᠮᠢᠶ᠎ᠠ ᠦᠭᠡᠢ᠂ ᠪᠢ ᠪᠠᠶᠢᠬᠤ ᠳᠤ ᠪᠠᠳᠣᠯᠠᠭ᠎ᠠ ᠶᠢᠨ ᠬᠦᠮᠦᠨ ᠤ ᠲᠦᠯᠦᠭᠡ ᠵᠣᠪᠠᠭ᠋ᠣ ᠶᠠᠭᠤᠨ︕ ᠶᠠᠪᠣᠶ᠎ᠠ︕︾ ᠭᠡᠳ ᠭᠠᠷ ᠣᠳᠠᠰᠣ ᠶᠠᠭᠤᠮ᠎ᠠ ᠪᠠᠨ ᠬᠠᠮᠣᠵᠣ ᠬᠠᠷᠮᠠᠯᠠᠯ᠎ᠠ᠃       ︽ᠪᠡᠶ᠎ᠡ ᠶᠢᠨ ᠦᠨᠡᠮᠯᠡᠯ ᠪᠣᠯᠣᠨ ᠣᠷᠤᠭ ᠤᠨ ᠦᠨᠡᠮᠯᠡᠯ ᠢ ᠠᠪᠣᠭᠠᠳ ᠦᠭ ᠡ ᠬᠦᠶ᠋ᠢ︕︾       ᠴᠠᠭᠠᠨ᠎ᠠ ᠨᠢ ᠠᠪᠳᠠᠷ᠎ᠠ ᠪᠠᠨ ᠵᠦᠯᠭᠦᠵᠦ ᠵᠣᠭᠰᠣᠭᠰᠠᠨ ᠦᠷᠡᠵᠢᠮᠢᠰ ᠠᠯᠴᠢᠭᠤᠷ ᠢᠶᠠᠨ ᠬᠦᠰᠡᠷ ᠴᠢᠯᠠᠭᠤᠳᠠᠵᠣ       ︽ᠴᠢ ᠳᠣᠬᠤᠨ ᠤ ᠬᠢᠨᠢ ᠪᠠᠳᠣᠯᠠᠭ᠎ᠠ ᠶᠢᠨ ᠬᠦᠮᠦᠨ ᠪᠣᠯᠬᠤ ᠪᠣᠢ︖ ᠬᠡᠳᠡᠰᠦᠨ ᠳᠤ ᠪᠠᠨ ᠵᠦᠪ ᠲᠠᠢ ᠪᠣᠯᠣᠭᠠᠳ ᠬᠡᠳᠦᠨ ᠡᠳᠦᠷ ᠪᠣᠯᠵᠣ ᠪᠠᠶᠢᠬᠤ ᠪᠣᠢ︖ ᠵᠠᠭᠤᠨ ᠲᠦᠮᠡᠨ ᠳᠦᠭᠦᠷᠢᠭ ᠤᠨ ᠵᠢᠭᠡᠯᠡᠯᠭᠡ ᠠᠪᠣᠨ᠎ᠠ᠃ ᠴᠢ ᠪᠠᠳᠣᠯᠠᠭ᠎ᠠ ᠶᠢᠨ ᠬᠦᠮᠦᠨ ᠪᠣᠯᠣᠨ᠎ᠠ ᠦᠦ︖︾ ᠭᠡᠳ ᠦᠰᠦᠷᠬᠢᠯᠡᠪᠡ᠃ ᠲᠠᠶᠢᠪᠣᠩ ᠪᠠᠶᠢᠭᠰᠠᠨ ᠭᠡᠷ ᠤᠨ ᠠᠭᠤᠷ ᠠᠮᠢᠰᠬᠤᠯ ᠲᠡᠷᠡ ᠲᠣᠣᠷ᠎ᠠ ᠪᠠᠨ ᠲᠦᠢᠮᠡᠷ ᠰᠢᠳᠠᠭᠰᠠᠨ ᠰᠢᠭ᠋ ᠪᠠᠴᠢᠮ ᠬᠤᠪᠢᠷᠠᠯᠲᠠ ᠲᠠᠢ ᠪᠣᠯᠣᠭᠰᠠᠨ᠃       ︽ᠢᠳᠡᠭᠰᠡᠨ ᠬᠤᠳᠳᠤᠭ ᠲᠤ ᠪᠠᠨ ᠪᠠᠭᠠᠳᠠᠭ ᠮᠠᠭᠤ ᠡᠮ᠎ᠡ ᠴᠢ︕ ᠪᠠᠳᠣᠬᠤᠶᠠᠭ ᠠᠬ᠎ᠠ ᠪᠣᠰᠣᠳ ᠲᠠᠢ ᠠᠳᠠᠯᠢ ᠦᠭᠡᠢ᠃ ᠴᠢᠮ᠎ᠠ ᠳᠤ ᠰᠠᠪᠠᠭ᠎ᠠ ᠦᠭᠡᠢ︕︾       ᠬᠠᠳᠠᠴᠢᠯᠠᠭᠤ ᠴᠦ ᠬᠡᠭᠰᠡᠶᠢᠵᠦ ᠵᠣᠭᠰᠣᠵᠠᠢ᠃ ᠲᠡᠷᠡ ᠶᠡᠷᠦ ᠨᠢ ᠠᠭᠤᠰᠬᠢᠨ ᠣᠢᠮᠠᠨ ᠳᠤ ᠨᠡᠷᠪᠡᠭᠳᠡᠵᠦ ᠦᠩᠭᠡᠷᠡᠭᠰᠡᠨ ᠬᠦᠮᠦᠨ᠃ ᠬᠢᠷᠢᠨ ᠤ ᠠᠷᠠᠳ ᠤᠨ ᠡᠮᠨᠡᠯᠭᠡ ᠶᠢᠨ ᠬᠤᠷᠢᠶ᠎ᠠ ᠳᠤ ᠡᠮᠨᠡᠭᠦᠯᠬᠦ ᠪᠣᠯᠣᠭᠠᠳ ᠮᠦᠩᠬᠦ ᠪᠠᠷ ᠭᠠᠴᠢᠭᠳᠠᠵᠣ ᠪᠠᠶᠢᠬᠤ ᠳᠤ ᠪᠠᠳᠣᠬᠤᠶᠠᠭ ᠦᠭᠡᠷ ᠢᠶᠠᠨ ᠬᠤᠳᠠᠯᠳᠣᠵᠣ ᠳᠣᠰᠠᠯᠠᠭᠰᠠᠨ᠃ ᠦᠷᠦᠭᠡᠯ ᠤᠨ ᠨᠢᠩᠵᠢᠨ ᠰᠡᠳᠬᠢᠯ ᠬᠠᠶᠢᠷ᠎ᠠ ᠬᠠᠯᠠᠮᠵᠢ ᠬᠡᠵᠢᠶᠡᠲᠡ ᠬᠦᠮᠦᠰ ᠤᠨ ᠣᠢ ᠳᠣᠢ ᠠᠴᠠ ᠣᠷᠣ ᠦᠭᠡᠢ ᠠᠷᠴᠢᠭᠳᠠᠬᠤ ᠶᠣᠰᠣ ᠦᠭᠡᠢ ᠪᠠᠶᠢᠬᠤ ᠳᠤ ᠵᠠᠷᠢᠮ ᠬᠦᠮᠦᠨ ᠦᠯᠦ ᠮᠡᠳᠡᠬᠦ ᠴᠢᠷᠠᠶᠢᠯᠠᠵᠣ ᠶᠠᠪᠣᠳᠠᠭ ᠨᠢ ᠰᠣᠨᠢᠨ ᠪᠢᠰᠢ᠃ ᠬᠠᠳᠠᠴᠢᠯᠠᠭᠤ ᠡᠷ᠎ᠡ ᠡᠮ᠎ᠡ ᠬᠤᠶᠠᠭᠤᠯᠠ ᠣᠯᠠᠭᠠᠨ ᠬᠡᠷᠡᠭᠦᠯ ᠳᠠᠳᠠᠵᠠᠢ᠃ ᠪᠠᠳᠣᠬᠤᠶᠠᠭ ᠴᠦ ᠡᠨᠡ ᠠᠶᠢᠯ ᠳᠤ ᠬᠠᠪᠰᠣᠷᠣᠮᠵᠢ ᠬᠦᠰᠡᠵᠦ ᠢᠷᠡᠭᠰᠡᠨ ᠠᠴᠠ ᠪᠢᠰᠢ ᠬᠡᠷᠡᠭᠦᠯ ᠰᠣᠨᠢᠷᠬᠠᠬᠤ ᠪᠠᠷ ᠬᠦᠶᠦᠭᠰᠡᠨ ᠪᠢᠰᠢ ᠶᠤᠮ᠃ ᠶᠠᠪᠣᠳᠠᠯ ᠪᠦᠳᠦᠭᠰᠡᠨ ᠦᠭᠡᠢ ᠳᠡᠭᠡᠷ᠎ᠡ ᠪᠠᠨ ᠶᠠᠷᠰᠢᠭ ᠶᠡᠭᠡ ᠭᠠᠷᠣᠯ᠎ᠠ᠃ ᠪᠠᠳᠣᠬᠤᠶᠠᠭ᠂ ᠬᠠᠳᠠᠴᠢᠯᠠᠭᠤ ᠡᠷ᠎ᠡ ᠡᠮ᠎ᠡ ᠬᠤᠶᠠᠭᠤᠯᠠ ᠶᠢ ᠪᠠᠶᠢᠨ ᠳᠠᠬᠢᠨ ᠭᠤᠶᠣᠭᠰᠠᠭᠠᠷ ᠪᠠᠶᠢᠵᠣ ᠬᠡᠷᠡᠭᠦᠯ ᠢ ᠨᠢ ᠲᠦᠩᠭᠡᠵᠢ ᠵᠣᠭᠰᠣᠭᠠᠨ᠂ ᠨᠠᠷᠠ ᠳᠠᠰᠢᠬᠤ ᠶᠢᠨ ᠦᠶ᠎ᠡ ᠪᠠᠷ ᠭᠡᠷ ᠲᠤ ᠪᠠᠨ ᠪᠣᠴᠠᠵᠠᠢ᠃ ᠲᠡᠷᠡ᠂ ᠦᠨᠦᠳᠦᠷ ᠤᠨ ᠦᠢᠯᠡ ᠣᠴᠠᠷᠠᠯ ᠢᠶᠠᠨ ᠡᠬᠡᠨᠡᠷ ᠲᠤ ᠪᠠᠨ ᠴᠦ ᠳᠣᠳᠣᠷᠬᠠᠢ ᠶᠠᠷᠢᠭ᠎ᠠ ᠦᠭᠡᠢ᠃ ᠪᠠᠳᠣᠬᠤᠶᠠᠭ ᠤᠨ ᠬᠤᠭᠤᠯᠠᠢ ᠳᠤ ᠨᠢ ᠶᠠᠭᠤ ᠨᠢᠭᠡ ᠶᠠᠭᠤᠮ᠎ᠠ ᠵᠠᠩᠬᠢᠷᠠᠭ᠎ᠠ ᠲᠠᠢ ᠰᠢᠭ᠋᠃ ᠲᠡᠷᠡ᠂ ᠲᠧᠯᠧᠢᠰ ᠦᠵᠡᠵᠦ ᠪᠠᠶᠢᠬᠤ ᠳᠤ ᠪᠠᠨ ︽ᠠᠳᠠᠭ ᠤᠨ ᠮᠠᠭᠤ ᠮᠠᠯᠴᠢᠨ ᠳᠤ ᠪᠠᠳᠣᠯᠠᠭ᠎ᠠ ᠬᠢᠵᠣ ᠦᠭᠬᠦ ᠬᠦᠮᠦᠨ ᠦᠭᠡᠢ ᠡ︕︾ ᠭᠡᠵᠦ ᠣᠷᠳᠣ ᠰᠡᠭᠦᠷᠡᠰᠦᠯᠡᠵᠡᠢ᠃ ᠲᠡᠭᠡᠭᠡᠳ ᠪᠠᠳᠣᠬᠤᠶᠠᠭ᠂ ᠪᠠᠳᠣᠯᠠᠭ᠎ᠠ ᠶᠢᠨ ᠬᠦᠮᠦᠨ ᠤ ᠳᠣᠬᠠᠢ ᠳᠠᠬᠢᠨ ᠴᠢᠨᠠᠭᠰᠢ ᠪᠣᠳᠣᠬᠤ ᠪᠠᠨ ᠴᠦ ᠬᠠᠯᠠᠰᠢᠷᠠᠪᠠ᠃       ᠮᠣᠳᠣᠳ ᠤᠨ ᠨᠠᠪᠴᠢᠰ ᠮᠡᠳᠡᠭᠳᠡᠮ᠎ᠡ ᠰᠢᠷᠠᠯᠠᠵᠣ ᠵᠦᠭᠡᠯᠡᠨ ᠰᠠᠯᠬᠢᠨ ᠳᠤ ᠭᠠᠩᠬᠤᠨ᠎ᠠ᠃ ᠪᠠᠳᠣᠬᠤᠶᠠᠭ᠂ ᠭᠠᠷ ᠣᠳᠠᠰᠣ ᠪᠠᠨ ᠦᠵᠡᠭᠰᠡᠨ ᠳᠤ ᠸᠢᠴᠠᠲ ᠤᠨ ᠴᠣᠭᠯᠠᠷᠠᠯ ᠳᠤ ᠨᠢ ︽ᠬᠠᠳᠠᠴᠢᠯᠠᠭᠤ ᠡᠮᠨᠡᠯᠭᠡ ᠳᠤ ᠣᠷᠣᠭᠰᠠᠨ︾ ᠭᠡᠬᠦ ᠪᠠᠷ ᠶᠠᠷᠢᠵᠣ ᠴᠣᠣᠬᠢᠯᠳᠣᠨ᠎ᠠ᠃ ᠪᠠᠳᠣᠬᠤᠶᠠᠭ ᠤᠨ ᠲᠣᠯᠣᠭᠠᠢ ᠨᠢ ᠲᠦᠨᠡᠷᠡᠨ᠎ᠡ᠃ ︽ᠮᠢᠨᠦ ᠣᠷᠰᠢᠭ ᠠᠴᠠ ᠪᠣᠯᠣᠯ᠎ᠠ︕︾ ᠭᠡᠳᠡᠭ ᠢᠶᠠᠨ ᠬᠡᠯᠡᠵᠦ ᠳᠣᠪᠴᠢᠳᠠᠶ᠎ᠠ ᠭᠡᠬᠦᠯᠡᠷ ᠴᠣᠭᠯᠠᠷᠠᠯ ᠳᠤ ᠶᠠᠷᠢᠭᠠᠳ ᠡᠪ ᠦᠭᠡᠢ ᠰᠢᠭ ᠰᠠᠨᠠᠭᠳᠠᠵᠠᠢ᠃ ᠨᠢᠭᠡ ᠴᠠᠭ ᠤᠨ ᠳᠠᠷᠠᠭ᠎ᠠ ᠬᠠᠳᠠᠴᠢᠯᠠᠭᠤ ᠸᠢᠴᠠᠲ ᠳᠡᠭᠡᠷ᠎ᠡ ᠪᠠᠨ ᠢᠯᠡᠷᠡᠨ ᠭᠠᠶᠢᠭᠤᠢ ᠭᠡᠳᠡᠭ ᠢᠶᠠᠨ ᠶᠠᠷᠢᠵᠣ ᠰᠠᠭᠤᠬᠤ ᠨᠢ ᠬᠠᠷᠠᠭᠳᠠᠭᠠᠳ᠂ ᠪᠠᠳᠣᠬᠤᠶᠠᠭ ᠤᠨ ᠦᠷᠦᠴᠡ ᠶᠢ ᠨᠢ ᠣᠩᠭᠤᠶᠢᠯᠭᠠᠵᠠᠢ᠃ ᠲᠡᠭᠡᠲᠡᠯ᠎ᠡ᠂ ᠭᠠᠳᠠᠨ᠎ᠠ ᠪᠠᠷᠰᠳᠦ ︵ᠬᠤᠳᠠᠴᠢ ᠨᠣᠬᠠᠢ︶ ᠶᠢᠨ ᠰᠦᠷᠡᠬᠡᠢ ᠪᠣᠷᠠᠬᠤ ᠴᠢᠮᠡᠭᠡ ᠳᠣᠭᠤᠯᠳᠠᠯ᠎ᠠ᠃ ᠭᠠᠷᠣᠭᠠᠳ ᠬᠠᠷᠠᠭᠰᠠᠨ ᠴᠢᠨᠢ ᠪᠠᠳᠣᠬᠤᠶᠠᠭ ᠲᠠᠢ ᠣᠳᠠᠭᠠᠨ ᠵᠢᠯ ᠵᠣᠰᠠᠯᠠᠩ ᠳᠤ ᠬᠦᠷᠰᠢᠯᠡᠵᠦ ᠪᠠᠭᠤᠳᠠᠭ ᠭᠠᠩᠳᠡᠮᠦᠷ ᠮᠣᠲ᠋ᠣᠷ ᠬᠠᠪᠴᠢᠨ ᠣᠭᠤᠬᠢᠯᠠᠭᠤᠯᠣᠨ᠎ᠠ ᠬᠦ᠋᠃       ︽ᠬᠦᠶ᠋ᠢ ᠬᠦ᠋︕ ᠭᠠᠩᠳᠠᠭᠤᠨ ᠡᠪᠦᠭᠡᠨ ᠮᠠᠨᠢ ᠭᠠᠯᠲᠠᠢ ᠴᠣᠭᠲᠠᠢ ᠬᠢᠯᠠᠷᠠᠭᠤᠯᠵᠣ ᠶᠠᠪᠣᠭ᠎ᠠ ‍ᠤᠸ᠋︕︾       ︽ᠵᠠ᠂ ᠶᠠᠭᠤ ᠭᠡᠬᠦᠪ︕ ᠬᠦᠭᠰᠢᠨ ᠴᠡᠷᠢᠭ ᠢᠶᠠᠨ ᠰᠠᠨᠠᠭᠠᠳ ᠬᠠᠷ᠎ᠠ ᠡᠷᠲᠡ ᠠᠴᠠ ᠨᠠᠭᠠᠰᠢ ᠭᠠᠯᠬᠢᠭᠤᠯᠣᠯ᠎ᠠ ᠬᠦ᠋︕︾       ᠬᠤᠶᠠᠭᠤᠯᠠ ᠬᠠᠭ᠋ᠠᠯᠠᠨ ᠢᠨᠢᠶᠡᠯᠴᠡᠪᠡ᠃ ᠣᠣᠯ ᠨᠢ ᠭᠠᠩᠲᠡᠮᠦᠷ᠂ ᠠᠨᠲᠠ ᠶᠢᠨ ᠢᠶᠠᠨ ᠸᠢᠴᠠᠲ ᠠᠴᠠ ᠪᠠᠳᠣᠬᠤᠶᠠᠭ ᠤᠨ ᠵᠣᠭᠤᠰ ᠢᠶᠠᠷ ᠭᠠᠴᠢᠭᠳᠠᠵᠣ ᠪᠠᠶᠢᠭ᠎ᠠ ᠰᠣᠷᠠᠭ ᠢ ᠲᠣᠭᠤᠯᠣᠭᠠᠳ ᠲᠠᠪᠣᠨ ᠮᠢᠩᠭᠠᠨ ᠲᠦᠭᠦᠷᠢᠭ ᠳᠣᠰᠠᠯᠠᠬᠤ ᠪᠠᠷ ᠢᠷᠡᠭᠰᠡᠨ ᠪᠠᠶᠢᠵᠠᠢ᠃ ᠵᠠᠯᠭᠠᠭᠠᠳ ᠪᠠᠰᠠ ᠠᠷᠪᠠᠨ ᠨᠢᠭᠡᠨ ᠮᠠᠯᠴᠢᠨ ᠪᠠᠳᠣᠬᠤᠶᠠᠭ ᠲᠤ ᠠᠳᠠᠯᠢ ᠪᠣᠰᠣ ᠬᠡᠮᠵᠢᠶᠡᠨ ᠤ ᠵᠣᠭᠤᠰ ᠳᠣᠰᠠᠯᠠᠬᠤ ᠪᠠᠷ ᠢᠷᠡᠭᠰᠡᠨ᠃ ᠡᠭᠦᠨ ᠳᠤ ᠬᠡᠳᠦᠨ ᠮᠢᠩᠭᠠᠨ ᠲᠦᠭᠦᠷᠢᠭ ᠤᠨ ᠬᠢ ᠨᠢ ᠠᠷᠪᠢᠨ᠂ ᠠᠷᠠᠢ ᠮᠢᠩᠭ᠎ᠠ ᠬᠦᠷᠬᠦ ᠦᠭᠡᠢ ᠴᠦ ᠪᠣᠢ᠃ ᠳᠣᠭᠠᠯᠠᠭᠠᠳ ᠦᠵᠡᠪᠡᠯ᠂ ᠨᠡᠶᠢᠲᠡ ᠬᠤᠶᠠᠷ ᠲᠦᠮᠡ ᠬᠤᠶᠠᠷ ᠮᠢᠩᠭᠠᠨ ᠲᠦᠭᠦᠷᠢᠭ ᠪᠠᠶᠢᠪᠠ᠃ ᠨᠠᠶᠢᠷ ᠤᠨ ᠰᠢᠷᠡᠭᠡ ᠵᠠᠰᠠᠭᠳᠠᠵᠣ᠂ ᠣᠵᠣᠭᠤᠷ ᠤᠨ ᠬᠠᠯᠠᠭᠤᠨ ᠲᠠᠢ ᠵᠣᠭᠤᠭ ᠲᠡᠯᠭᠡᠭᠳᠡᠯ᠎ᠡ᠃ ᠲᠡᠭᠡᠲᠡᠯ᠎ᠡ᠂ ᠪᠠᠳᠣᠬᠤᠶᠠᠭ ᠤᠨ ᠭᠠᠷ ᠣᠳᠠᠰᠣ ᠨᠢ ᠳᠠᠭᠤᠯᠠᠵᠣ ᠡᠬᠢᠯᠡᠵᠡᠢ᠃       ︽ᠵᠠ᠂ ᠠᠮᠣᠷᠰᠠᠶᠢᠨ ᠮᠢᠨᠢ ᠰᠠᠶᠢᠨ ᠪᠢᠵᠠ︖ ᠬᠠᠳᠣᠯᠠᠩ ᠳᠤ ᠪᠠᠨ ᠪᠣᠴᠠᠭ᠎ᠠ ᠦᠭᠡᠢ ᠦᠦ︖︾       ︽ᠵᠠ᠂ ᠠᠨᠳᠠ ᠮᠢᠨᠢ ᠰᠠᠶᠢᠨ ᠪᠠᠶᠢᠨ᠎ᠠ︕ ᠶᠡᠭᠡ ᠪᠠᠷ ᠬᠦᠳᠡᠯᠴᠢᠭᠡᠮᠡᠷ ᠬᠠᠳᠣᠯᠠᠩ ᠣᠷᠭᠤᠭ᠎ᠠ ᠦᠭᠡᠢ ᠳ᠋ᠣᠣ ᠃ ᠬᠠᠷᠢᠨ ᠴᠢᠮ᠎ᠠ ᠳᠤ ᠰᠠᠶᠢᠨ ᠴᠢᠮᠡᠭᠡ ᠲᠠᠮᠵᠢᠭᠤᠯᠤᠶ᠎ᠠ ᠭᠡᠰᠡᠨ ᠰᠢᠣ︕ ᠪᠠᠩᠬᠢ ᠠᠴᠠ ᠵᠢᠭᠡᠯᠡᠯᠭᠡ ᠠᠪᠬᠤ ᠳᠤ ᠮᠠᠯᠴᠢᠳ ᠬᠤᠭᠤᠷᠣᠨᠳᠣ ᠪᠠᠨ ᠨᠢᠭᠡ ᠨᠢ ᠨᠢᠭᠡ ᠶᠢ ᠪᠠᠨ ᠪᠠᠳᠣᠯᠠᠵᠣ ᠪᠣᠯᠣᠨ᠎ᠠ ᠭᠡᠳᠡᠭ ᠰᠢᠨ᠎ᠡ ᠳᠣᠭᠲᠠᠭᠠᠯ ᠭᠠᠷᠣᠯ᠎ᠠ ᠭᠡᠨ᠎ᠡ᠃ ᠴᠢ ᠬᠤᠷᠳᠣᠨ ᠠᠰᠠᠭᠤᠵᠣ ᠮᠡᠳᠡ︕︾       ︽ᠵᠠ᠂ ᠰᠠᠶᠢᠨ ᠪᠣᠯᠣᠯ᠎ᠠ︕ ᠳᠠᠷᠠᠭ᠎ᠠ ᠪᠠᠷ ᠬᠤᠶᠠᠭᠤᠯᠠ ᠰᠠᠶᠢᠬᠠᠨ ᠶᠠᠷᠢᠯᠴᠠᠶ᠎ᠠ ᠭᠡᠮ︕︾       ᠪᠠᠳᠣᠬᠤᠶᠠᠭ᠂ ᠵᠠᠯᠭᠠᠭᠠᠳ ᠮᠠᠨᠰᠠᠩ ᠳᠤ ᠣᠳᠠᠰᠣᠳᠠᠯ᠎ᠠ᠃       ︽ᠰᠠᠶᠢᠨ ᠦᠦ︖ ᠪᠢ ᠪᠠᠳᠣᠬᠤᠶᠠᠭ ᠪᠠᠶᠢᠨ᠎ᠠ᠃ ᠲᠠ ᠠᠵᠢᠯᠯᠠᠵᠣ ᠪᠠᠶᠢᠭ᠎ᠠ ᠪᠢᠵᠠ︖︾       ︽ᠵᠠ᠂ ᠠᠯᠪᠠᠨ ᠠᠵᠢᠯ ᠳᠤ ᠪᠠᠨ ᠪᠠᠶᠢᠨ᠎ᠠ᠃ ᠲᠠ ᠶᠠᠮᠠᠷ ᠣᠴᠢᠷ ᠲᠠᠢ ᠪᠣᠢ︖︾       ︽ᠪᠠᠩᠬᠢ ᠠᠴᠠ ᠵᠢᠭᠡᠯᠡᠯᠭᠡ ᠠᠪᠬᠤ ᠳᠤ ᠮᠠᠯᠴᠢᠳ ᠬᠤᠭᠤᠷᠣᠨᠳᠣ ᠪᠠᠨ ᠨᠢᠭᠡ ᠨᠢ ᠨᠢᠭᠡ ᠪᠠᠨ ᠪᠠᠳᠣᠯᠠᠵᠣ ᠪᠣᠯᠣᠨ᠎ᠠ ᠭᠡᠳᠡᠭ ᠦᠨᠡᠨ ᠪᠢᠵᠠ︖︾       ︽ᠣ︕ ᠲᠠ ᠴᠢᠨᠢ ᠦᠨᠦ ᠵᠢᠭᠡᠯᠡᠯᠭᠡ ᠠᠪᠣᠨ᠎ᠠ ᠭᠡᠳᠡᠭ ᠪᠠᠳᠣᠬᠤᠶᠠᠭ ᠰᠢᠳᠡ᠃ ᠮᠠᠯᠴᠢᠳ ᠬᠠᠷᠢᠯᠴᠠᠨ ᠪᠠᠳᠣᠯᠠᠵᠣ ᠪᠣᠯᠣᠨ᠎ᠠ᠃ ᠭᠡᠬᠦ ᠳᠤ ᠪᠠᠨ ᠣᠷᠢᠳᠠᠯ ᠨᠢ ᠪᠦᠷ ᠪᠠᠩᠬᠢ ᠳᠤ ᠬᠠᠭᠤᠴᠢᠨ ᠦᠷᠢᠲᠠᠢ ᠪᠠᠶᠢᠵᠣ ᠪᠣᠯᠬᠤ ᠦᠭᠡᠢ ᠰᠢᠣ ᠳ᠋ᠠ︕︾       ︽ᠲᠡᠶᠢᠮᠦ ᠡ᠂ ᠪᠢ ᠶᠠᠭ ᠲᠡᠷᠡ ᠪᠠᠳᠣᠬᠤᠶᠠᠭ ᠪᠠᠶᠢᠨ᠎ᠠ᠃ ᠰᠠᠶᠢᠨ ᠪᠣᠯᠣᠯ᠎ᠠ︕ ᠮᠠᠷᠭᠠᠰᠢ ᠪᠢ ᠪᠠᠳᠣᠯᠠᠭ᠎ᠠ ᠶᠢᠨ ᠬᠦᠮᠦᠨ ᠢᠶᠠᠨ ᠠᠪᠣᠭᠠᠳ ᠣᠴᠢᠬᠤ ᠦᠦ︖︾       ︽ᠣᠷᠴᠢᠮ ᠤᠨ ᠬᠡᠳᠦᠨ ᠡᠳᠦᠷ ᠪᠢ ᠬᠦᠳᠡᠭᠡ ᠪᠠᠭᠤᠨ᠎ᠠ᠃ ᠳᠠᠷᠠᠭ᠎ᠠ ᠭᠠᠷᠠᠭ ᠤᠨ ᠨᠢᠭᠡᠨ ᠳᠤ ᠢᠷᠡᠴᠢᠭᠡ ᠪᠠ︕ ᠬᠦᠮᠦᠨ ᠪᠦᠷᠢ ᠵᠦᠪᠬᠡᠨ ᠨᠢᠭᠡ ᠲᠦᠮᠡ ᠶᠢ ᠯᠠ ᠪᠠᠳᠣᠯᠠᠵᠣ ᠲᠡᠶᠢᠯᠦᠨ᠎ᠡ ᠰᠢᠦ︕︾        ᠠᠯᠠᠭ᠎ᠠ ᠳᠠᠰᠢᠵᠣ ᠬᠦᠭᠡᠷᠦᠯᠳᠦᠬᠦ ᠳᠠᠭᠤᠨ ᠰᠣᠨᠣᠰᠳᠠᠪᠠ᠃ ᠨᠠᠶᠢᠷ ᠰᠦᠨᠢ ᠲᠦᠯᠢ ᠪᠣᠯᠲᠠᠯ᠎ᠠ ᠦᠷᠭᠦᠯᠵᠢᠯᠡᠪᠡ᠃        ᠠᠯᠲᠠᠨ ᠨᠠᠷᠠᠨ ᠳᠣᠶᠠᠭᠠᠷᠠᠭᠰᠠᠨ ᠠᠳᠠᠪᠠᠰᠢ ᠰᠠᠶᠢᠬᠠᠨ ᠡᠳᠦᠷ᠃ ᠮᠦᠩᠬᠦ ᠢᠯᠡᠭᠦᠳᠡᠭᠡᠳ ᠭᠠᠷ ᠢ ᠬᠠᠳᠬᠤᠬᠤ ᠪᠢᠰᠢ᠂ ᠣᠯᠬᠤ ᠳᠤ ᠠᠮᠠᠷ ᠪᠣᠯ ᠢᠯᠡᠬᠦᠦ ᠲᠦᠮᠡ ᠠᠪᠣᠴᠢᠬᠠᠶ᠎ᠠ ᠭᠡᠬᠦ ᠨᠢ ᠪᠠᠳᠣᠬᠤᠶᠠᠭ ᠤᠨ ᠪᠣᠳᠣᠯ᠃ ᠡᠩᠬᠡᠪᠠᠶᠠᠷ᠂ ᠠᠯᠲᠠᠨᠰᠠᠩ᠂ ᠡᠷᠳᠡᠮᠲᠡᠭᠦᠰ᠂ ᠠᠮᠣᠷᠰᠠᠨᠠᠭ᠎ᠠ᠂ ᠪᠠᠳᠣᠬᠤᠶᠠᠭ ᠲᠡᠳᠡ ᠲᠠᠪᠣᠭᠤᠯᠠ ᠡᠶ᠎ᠡ ᠪᠦᠯᠬᠦᠮᠳᠡᠯ ᠲᠠᠢ ᠬᠦᠳᠡᠭᠡ ᠳᠣᠰᠬᠤᠨ ᠤ ᠢᠲᠡᠭᠡᠮᠵᠢ ᠶᠢᠨ ᠪᠠᠩᠬᠢ ᠳᠤ ᠣᠴᠢᠯ᠎ᠠ᠃ ᠭᠡᠪᠡᠴᠦ᠂ ᠵᠢᠭᠡᠯᠡᠯᠭᠡ ᠦᠭᠬᠦᠨ᠎ᠡ ᠭᠡᠵᠦ ᠵᠣᠪᠰᠢᠶᠡᠷᠡᠭᠰᠡᠨ ᠮᠠᠨᠰᠠᠩ ᠠᠯᠪᠠᠨ ᠭᠡᠷ ᠲᠤ ᠪᠠᠨ ᠪᠠᠶᠢᠭᠰᠠᠨ ᠦᠭᠡᠢ ᠨᠢ ᠲᠡᠳᠡᠨᠦᠰ ᠢ ᠲᠦᠪᠡᠭᠳᠡᠭᠦᠯᠵᠡᠢ᠃ ᠪᠠᠳᠣᠬᠤᠶᠠᠭ᠂ ᠮᠠᠨᠰᠠᠩ ᠤᠨ ᠭᠠᠷ ᠣᠳᠠᠰᠣ ᠶᠢ ᠨᠢ ᠠᠪᠬᠤ ᠳᠤ ᠬᠠᠷᠢᠨ ᠲᠦᠭᠵᠢᠭᠡᠰᠦᠲᠡᠢ᠃ ᠨᠡᠯᠢᠶᠡᠳ ᠣᠳᠠᠭᠠᠳ ᠲᠡᠳᠡ ᠲᠢᠩᠬᠢᠮ ᠤᠨ ᠦᠢᠯᠡᠴᠢᠯᠡᠭᠴᠢ ᠠᠴᠠ ᠰᠣᠷᠠᠭᠯᠠᠬᠤ ᠳᠤ᠂ ᠵᠠᠯᠠᠭᠤ ᠬᠡᠣᠬᠡᠨ ᠲᠡᠳᠡ ᠲᠠᠪᠣᠭᠤᠯᠠ ᠶᠢ ᠡᠭᠡᠯᠵᠢᠯᠡᠨ ᠰᠢᠷᠲᠡᠭᠡᠳ᠄       ︽ᠮᠠᠨᠰᠠᠩ ᠢ ᠪᠠᠶᠢᠴᠠᠭᠠᠬᠤ ᠬᠤᠷᠢᠶᠠᠨ ᠤ ᠬᠢᠨ ᠠᠪᠠᠴᠢᠭᠰᠠᠨ᠃ ᠡᠭᠦᠨ ᠢ ᠰᠠᠶᠢᠬᠠᠨ ᠦᠵᠡ︕︾ ᠭᠡᠵᠦ ᠪᠠᠷᠠᠭᠤᠨ ᠬᠠᠨ᠎ᠠ ᠳᠤ ᠨᠠᠭᠠᠯᠳᠣᠭᠤᠯᠣᠭᠰᠠᠨ ᠠᠯᠪᠠᠨ ᠨᠡᠶᠢᠲᠡᠯᠡᠯ ᠢ ᠵᠢᠭᠠᠪᠠ᠃       ᠵᠤᠬᠢᠶᠠᠬᠴᠢ ᠶᠢᠨ ᠬᠠᠶ᠋ᠢᠭ᠄ ᠬᠤᠷᠴᠢᠨ ᠪᠠᠷᠠᠭᠤᠨ ᠭᠠᠷᠣᠨ ᠳᠣᠮᠳᠠᠳᠣ ᠬᠤᠰᠢᠭᠤᠨ ᠤ ᠪᠠᠶᠠᠨᠬᠤᠰᠢᠭᠤ ᠵᠢᠷᠭᠤᠳᠣᠭᠠᠷ ᠳᠣᠮᠳᠠᠳᠣ ᠰᠣᠷᠭᠠᠭᠤᠯᠢ
 
ᠢᠷᠡᠯᠲᠡ᠄ ᠬᠢᠩᠭᠠᠨ ᠤ ᠮᠣᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号