ᠬᠠᠭᠤᠷᠠᠢ ᠮᠣᠳᠤᠨ ᠦᠨᠡᠰᠤ ᠪᠠᠷ ᠳᠠᠷᠢᠶᠠᠯᠠᠩ ᠤᠨ ᠳᠤᠰᠠᠯᠠᠬᠤ ᠦᠢᠯᠡᠳᠭᠦᠨ ᠢ ᠳᠡᠮᠳᠡᠢ ᠬᠠᠳᠠᠭᠠᠯᠠᠵᠥ ᠪᠤᠯᠤᠨ᠎ᠠ
ᠨᠡᠶᠢᠲᠡᠯᠡᠭᠰᠡᠨ ᠴᠠᠭ᠄
2019-08-07
        ᠪᠤᠭᠤᠳᠠᠢ ᠶᠢᠨ ᠦᠷ᠎ᠠ ᠬᠠᠳᠠᠭᠠᠯᠠᠬᠤ᠄ ᠴᠡᠪᠡᠷ ᠳᠦᠩᠰᠡ ᠶᠢᠨ ᠰᠠᠪᠠ ᠵᠡᠷᠭᠡ ᠪᠠᠨ ᠰᠠᠯᠬᠢ ᠨᠡᠪᠳᠡᠷᠡᠬᠦ ᠭᠠᠵᠠᠷ ᠳᠠᠯᠪᠢᠵᠥ᠂ ᠳᠤᠤᠷ᠎ᠠ ᠬᠡᠰᠡᠭ ᠲᠤᠨᠢ 5 — 7 ᠰᠡᠨᠲ᠋ᠢᠮᠧᠲᠷ ᠵᠤᠵᠠᠭᠠᠨ ᠬᠠᠭᠤᠷᠠᠢ ᠦᠨᠡᠰᠤ ᠳᠡᠪᠢᠰᠴᠤ ᠳᠡᠭᠡᠷ᠎ᠠ ᠨᠢ ᠬᠠᠳᠠᠭᠤᠯᠢᠬ ᠰᠢᠬ ᠴᠠᠭᠠᠰᠤ ᠳᠡᠪᠢᠰᠤᠨ᠎ᠠ᠃ ᠢᠩᠬᠢᠭᠰᠡᠨ ᠤ ᠳᠠᠷᠠᠭ᠎ᠠ ᠬᠠᠳᠠᠭᠠᠬᠰᠠᠨ ᠪᠤᠭᠤᠳᠠᠢ ᠶᠢᠨ ᠦᠷ᠎ᠠ ᠪᠠᠨ ᠰᠠᠪᠠᠯᠠᠵᠥ ᠠᠮᠠᠰᠠᠷ ᠠᠴᠠ ᠨᠢ 6 — 8 ᠰᠡᠨᠲ᠋ᠢᠮᠧᠲᠷ ᠤᠨ ᠭᠠᠵᠠᠷ ᠦᠯᠡᠳᠡᠭᠡᠵᠥ ᠪᠤᠭᠤᠳᠠᠢ ᠶᠢᠨ ᠦᠷ᠎ᠠ ᠶᠢᠨ ᠳᠡᠭᠡᠷ᠎ᠠ ᠳᠠᠬᠢᠨ ᠬᠠᠳᠠᠭᠤᠯᠢᠬ ᠰᠢᠬ ᠴᠠᠭᠠᠰᠤ ᠪᠦᠳᠡᠭᠡᠵᠥ᠂ ᠬᠠᠭᠤᠷᠠᠢ ᠦᠨᠡᠰᠤ ᠬᠢᠵᠥ ᠳᠦᠭᠦᠷᠭᠡᠨ᠎ᠠ᠂ ᠢᠩᠭᠢᠭᠰᠡᠨ ᠤ ᠳᠠᠷᠠᠭ᠎ᠠ ᠰᠦᠯᠢᠶᠤᠤ ᠪᠠᠷ ᠠᠮᠠᠰᠠᠷ ᠢ ᠨᠢ ᠪᠦᠳᠡᠭᠡᠵᠥ ᠳᠠᠯᠪᠢᠨ᠎ᠠ᠃ ᠡᠨᠡ ᠠᠷᠭ᠎ᠠ ᠨᠢ ᠴᠢᠬᠢᠭᠳᠡᠬᠦ᠂ ᠬᠤᠷᠤᠬᠠᠢᠢᠳᠠᠬᠤ ᠶᠢ ᠰᠡᠷᠭᠡᠶᠢᠯᠡᠬᠦ ᠪᠠᠷ ᠳᠤᠩ ᠰᠠᠶᠢᠨ ᠪᠦᠭᠡᠳ ᠦᠷ᠎ᠠ ᠶᠢᠨ ᠰᠤᠶᠤᠭᠠᠯᠠᠬᠤ ᠨᠤᠷᠮ᠎ᠠ ᠦᠨᠳᠤᠷ᠂ ᠨᠢᠯᠬ᠎ᠠ ᠴᠢᠬᠢ ᠶᠢᠨ ᠣᠷᠭᠤᠯᠳᠠ ᠨᠢ ᠰᠠᠶᠢᠨ᠃      ᠠᠮᠳᠠᠳᠤ ᠳᠦᠮᠦᠰᠤ ᠪᠠ ᠳᠦᠮᠦᠰᠤ ᠶᠢᠨ ᠦᠷ᠎ᠠ ᠬᠠᠳᠠᠭᠠᠯᠠᠬᠤ᠄ ᠳᠤᠯᠠᠭᠠᠨ ᠢ ᠬᠠᠮᠠᠭᠠᠯᠠᠬᠤ ᠪᠠᠷ ᠰᠠᠶᠢᠨ ᠦᠷᠦᠭᠡ ᠶᠢᠨ ᠭᠠᠵᠠᠷ ᠳᠡᠭᠡᠷ᠎ᠠ ᠨᠢᠭᠡ ᠳᠠᠪᠬᠤᠷ ᠡᠪᠡᠰᠤᠨ ᠳᠡᠪᠢᠰᠭᠡᠷ ᠳᠠᠪᠢᠰᠴᠤ᠂ ᠰᠤᠩᠭᠤᠵᠥ ᠭᠠᠷᠭᠠᠬᠰᠠᠨ ᠠᠮᠳᠠᠳᠤ ᠳᠦᠮᠦᠰᠤ ᠪᠠ ᠳᠦᠮᠦᠰᠤ ᠶᠢᠨ ᠦᠷ᠎ᠠ ᠪᠠᠨ ᠣᠪᠤᠭᠠᠯᠠᠵᠥ ᠳᠠᠯᠪᠢᠵᠥ ᠬᠠᠭᠤᠷᠠᠢ ᠦᠨᠡᠰᠤ ᠪᠠᠷ ᠪᠦᠬᠦᠨ ᠢ ᠪᠦᠳᠡᠭᠡᠵᠥ ᠳᠠᠯᠪᠢᠨ᠎ᠠ᠃ ᠡᠨᠡ ᠨᠢ ᠬᠤᠯᠤᠭᠠᠨ᠎ᠠ ᠢᠳᠡᠬᠦ ᠠᠴᠠ ᠰᠡᠷᠭᠡᠶᠢᠯᠡᠬᠦ ᠶᠢᠨ ᠬᠠᠮᠳᠤ 5 — 6 ᠰᠠᠷ᠎ᠠ ᠬᠠᠳᠠᠭᠠᠯᠠᠵᠥ ᠳᠡᠶᠢᠯᠤᠨ᠎ᠠ᠃      ᠰᠢᠨ᠎ᠠ ᠰᠤᠷᠭᠤᠬ ᠯᠠᠵᠤᠤ ᠶᠢ ᠬᠠᠳᠠᠭᠠᠯᠠᠬᠤ᠄ ᠴᠡᠪᠡᠷ ᠰᠠᠪᠠᠨ ᠳᠤᠳᠤᠷ᠎ᠠ 7 — 10 ᠰᠡᠨᠲ᠋ᠢᠮᠧᠲᠷ ᠵᠤᠵᠠᠭᠠᠨ ᠬᠠᠭᠤᠷᠠᠢ ᠦᠨᠡᠰᠤ ᠳᠡᠪᠢᠰᠴᠤ ᠳᠠᠬᠢᠨ ᠬᠠᠳᠠᠭᠤᠯᠢᠬ ᠰᠢᠬ ᠴᠠᠭᠠᠰᠤ ᠳᠡᠪᠢᠰᠴᠤ᠂ ᠰᠢᠷᠬ᠎ᠠ ᠰᠤᠷᠪᠢ ᠦᠭᠡᠢ ᠰᠢᠨ᠎ᠠ ᠰᠤᠷᠭᠤᠬ ᠯᠠᠵᠤᠤ ᠪᠠᠨ ᠨᠢᠭᠡ ᠳᠠᠪᠬᠤᠷ ᠳᠠᠯᠪᠢᠪᠠᠯ ᠨᠢᠭᠡ ᠳᠠᠪᠬᠤᠷ ᠦᠨᠡᠰᠤ ᠪᠦᠳᠡᠭᠡᠵᠥ᠂ ᠬᠠᠮᠤᠬ ᠤᠨ ᠳᠡᠭᠡᠷ᠎ᠠ ᠳᠠᠯ᠎ᠠ ᠶᠢᠨ ᠦᠨᠡᠰᠤ ᠶᠢᠨ ᠵᠤᠵᠠᠭᠠᠨ ᠤ ᠬᠡᠮᠵᠢᠶ᠎ᠠ ᠶᠢ 10 — 15 ᠰᠡᠨᠲ᠋ᠢᠮᠧᠲᠷ ᠪᠠᠶᠢᠯᠭᠠᠵᠥ᠂ ᠰᠡᠷᠢᠬᠦᠨ ᠭᠠᠵᠠᠷ ᠳᠠᠯᠪᠢᠪᠠᠯ 3 ᠰᠠᠷ᠎ᠠ ᠬᠠᠳᠠᠭᠠᠯᠠᠵᠥ ᠳᠡᠶᠢᠯᠤᠨ᠎ᠠ᠃
 
ᠢᠷᠡᠯᠲᠡ᠄ ᠳᠤᠮᠳᠠᠳᠥ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号