ᠠᠮᠵᠢᠯᠲᠠ ᠶᠢᠨ ᠲᠠᠯᠠᠯᠭ᠎ᠠ ᠲᠠᠢ ᠵᠠᠭᠤᠨ ᠡᠳᠦᠷ ᠢ ᠰᠢᠷᠭᠠᠭᠤ ᠴᠢᠷᠮᠠᠶᠢᠯᠭ᠎ᠠ ᠪᠠᠷ ᠰᠢᠪᠲᠤᠯᠵᠦ ᠠᠯᠳᠠᠷ ᠢᠶᠠᠨ ᠳᠠᠭᠤᠷᠢᠰᠬᠠᠬᠤ ᠠᠯᠲᠠᠨ ᠰᠠᠮᠪᠠᠷ᠎ᠠ ᠶᠢ ᠰᠢᠨ᠎ᠡ ᠭᠠᠶᠢᠬᠠᠮᠰᠢᠭ ᠢᠶᠠᠷ ᠮᠢᠯᠢᠶᠠᠰᠤᠭᠠᠢ
ᠨᠡᠶᠢᠲᠡᠯᠡᠭᠰᠡᠨ ᠴᠠᠭ᠄
2019-04-26
       ᠤᠯᠠᠭᠠᠨᠬᠤᠳᠠ ᠬᠤᠶᠠᠳᠤᠭᠠᠷ ᠲᠤᠮᠳᠠᠳᠤ ᠰᠤᠷᠭᠠᠭᠤᠯᠢ ︽ᠤᠯᠤᠰ ᠤᠨ ᠰᠢᠯᠭᠠᠯᠳᠠ ᠶᠢᠨ ᠵᠠᠭᠤᠨ ᠡᠳᠤᠷ ᠤᠨ ᠲᠠᠩᠭᠠᠷᠢᠭᠯᠠᠯ ᠤᠨ ᠬᠤᠷᠠᠯ︾ ᠬᠢᠪᠠ 2 ᠰᠠᠷ᠎ᠠ ᠶᠢᠨ 26 ᠤ ᠦᠳᠡ ᠶᠢᠨ ᠡᠮᠦᠨ᠎ᠡ᠂ ᠤᠯᠠᠭᠠᠨᠬᠤᠳᠠ ᠬᠤᠶᠠᠳᠤᠭᠠᠷ ᠳᠤᠮᠳᠠᠳᠤ ᠰᠤᠷᠭᠠᠭᠤᠯᠢ ︽ᠤᠯᠤᠰ ᠤᠨ ᠰᠢᠯᠭᠠᠯᠳᠠ ᠶᠢᠨ ᠵᠠᠭᠤᠨ ᠡᠳᠤᠷ ᠤᠨ ᠲᠠᠩᠭᠠᠷᠢᠭᠯᠠᠯ ᠤᠨ ᠬᠤᠷᠠᠯ︾ ᠬᠢᠵᠤ᠂ 2019 ᠤᠨ ᠤ 500 ᠢᠯᠡᠬᠦᠦ ᠳᠡᠭᠦᠰᠬᠦ ᠣᠨ ᠤ ᠰᠤᠷᠤᠭᠴᠢ ᠤᠮᠤᠭ ᠳᠡᠭᠦᠯᠳᠡᠷ ᠢᠲᠡᠭᠡᠯ ᠬᠦᠴᠦᠨ ᠢᠶᠠᠷ ᠲᠤᠰ ᠬᠤᠷᠠᠯ ᠳᠤ ᠤᠷᠤᠯᠴᠠᠭᠰᠠᠨ ᠪᠠᠶᠢᠨ᠎ᠠ᠃ ᠲᠣᠰ ᠤᠳᠠᠭᠠᠨ ᠤ ᠬᠤᠷᠠᠯ ᠢ ᠦᠨᠳᠤᠷ ᠭᠤᠷᠪᠠᠳᠤᠭᠠᠷ ᠣᠨ ᠤ ᠡᠷᠬᠢᠯᠡᠭᠴᠢ ᠢᠦᠢ ᠵᠢᠦᠢ ᠬᠤᠸᠠ ᠨᠦᠭᠦᠷ ᠠᠴᠠ ᠡᠷᠬᠢᠯᠡᠵᠦ᠂ ᠰᠤᠷᠭᠠᠭᠤᠯᠢ ᠶᠢᠨ ᠤᠳᠤᠷᠢᠳᠤᠯᠭ᠎ᠠ ᠵᠢᠴᠢ ᠦᠨᠳᠤᠷ ᠭᠤᠷᠪᠠᠳᠤᠭᠠᠷ ᠤᠨ ᠤ ᠪᠦᠬᠦ ᠪᠠᠭᠰᠢ ᠰᠤᠷᠤᠭᠴᠢ ᠤᠷᠤᠯᠴᠠᠨ ᠳᠤᠤᠷᠠᠬᠢ ᠳᠦᠷᠪᠡᠨ ᠠᠯᠬᠤᠮ ᠢᠶᠠᠷ ᠶᠠᠪᠤᠭᠲᠠᠭᠤᠯᠵᠠᠢ᠃ ᠬᠠᠮᠤᠭ ᠳᠦᠷᠦᠭᠦᠨ ᠳᠤ᠂ ᠰᠠᠷᠠᠩᠭᠤᠸ᠎ᠠ ᠪᠠᠭᠰᠢ ᠠᠴᠠ ︽ᠰᠢᠷᠭᠠᠭᠤ ᠴᠢᠷᠮᠠᠶᠢᠯᠭ᠎ᠠ ᠪᠠᠷ ᠭᠢᠯᠠᠯᠵᠠᠮ᠎ᠠ ᠠᠮᠵᠢᠯᠲᠠ ᠶᠢ ᠣᠯᠣᠶ᠎ᠠ︾ ᠭᠡᠮᠡᠬᠦ ᠰᠡᠳᠦᠪ ᠢᠶᠠᠷ ᠦᠨᠳᠤᠷ ᠭᠤᠷᠪᠠ ᠶᠢᠨ ᠪᠠᠭᠰᠢ ᠨᠠᠷ ᠢᠶᠠᠨ ᠲᠦᠯᠦᠭᠡᠯᠡᠨ ︽ᠨᠢᠭᠡ ᠳᠤ᠂ ᠬᠤᠪᠢ ᠪᠡᠶ᠎ᠡ ᠪᠠᠨ ᠲᠦᠰᠢᠭᠯᠡᠵᠦ᠂ ᠬᠤᠪᠢ ᠪᠡᠶ᠎ᠡ ᠪᠠᠨ ᠢᠯᠠᠨ᠂ ᠬᠤᠪᠢ ᠪᠡᠶ᠎ᠡ ᠳᠤ ᠪᠠᠨ ᠠᠮᠵᠢᠯᠲᠠ ᠭᠠᠷᠭᠠᠨ᠎ᠠ᠃ ᠬᠤᠶᠠᠷ ᠲᠤ᠂ ᠲᠤᠯᠤᠭᠠᠳ ᠢᠷᠡᠭᠰᠡᠨ ᠬᠦᠴᠢᠷ ᠪᠡᠷᠬᠡᠰᠢᠶᠡᠯ ᠢ ᠵᠤᠷᠢᠭ ᠲᠠᠢ ᠪᠠᠷ ᠬᠦᠯᠢᠶᠡᠵᠦ ᠠᠪᠤᠨ᠎ᠠ᠃ ᠭᠤᠷᠪᠠ ᠳᠤ᠂ ᠦᠯᠡᠳᠡᠭᠡᠳ ᠪᠠᠶᠢᠬᠤ ᠡᠳᠦᠷ ᠬᠤᠨᠤᠭ ᠢ ᠪᠦᠬᠦ ᠬᠦᠴᠦᠨ ᠢᠶᠠᠨ ᠰᠢᠪᠬᠠᠵᠦ ᠰᠢᠪᠲᠤᠯᠤᠨ᠎ᠠ᠃ ᠳᠦᠷᠪᠠ ᠳᠤ᠂ ᠶᠣᠰᠤ ᠳᠦᠷᠢᠮ ᠢ ᠵᠢᠷᠤᠮᠯᠠᠨ ᠰᠠᠬᠢᠵᠦ ᠪᠣᠯᠪᠠᠰᠤᠨ ᠰᠤᠷᠲᠠᠯ ᠢᠶᠠᠨ ᠡᠭᠡ ᠰᠤᠷᠭᠠᠭᠤᠯᠢ ᠳᠤ ᠪᠠᠨ ᠦᠯᠡᠳᠡᠭᠡᠨ᠎ᠡ︾ ᠭᠡᠵᠦ ᠰᠤᠷᠤᠭᠴᠢᠳ ᠲᠤ ᠪᠠᠨ ᠰᠠᠨᠠᠭᠠᠤᠯᠭ᠎ᠠ ᠪᠠ ᠱᠠᠭᠠᠷᠳᠠᠯᠭ᠎ᠠ ᠲᠠᠯᠪᠢᠵᠠᠢ᠃ ᠳᠠᠷᠠᠭ᠎ᠠ ᠳᠤ ᠨᠢ᠂ ᠦᠨᠳᠤᠷ ᠭᠤᠷᠪᠠ ᠶᠢᠨ ᠰᠤᠷᠤᠭᠴᠢ ᠶᠢᠨ ᠲᠦᠯᠦᠭᠡᠯᠡᠭᠴᠢ ᠸᠠᠩ ᡁᠢ ᠮᠢᠨ ᠠᠴᠠ ︽ᠠᠮᠵᠢᠯᠲᠠ ᠶᠢᠨ ᠲᠠᠯᠠᠯᠭ᠎ᠠ ᠲᠠᠢ ᠵᠠᠭᠤᠨ ᠡᠳᠦᠷ ᠢ ᠰᠢᠷᠭᠠᠭᠤ ᠴᠢᠷᠮᠠᠶᠢᠯᠭ᠎ᠠ ᠪᠠᠷ ᠰᠢᠪᠲᠤᠯᠵᠦ᠂ ᠠᠯᠳᠠᠷ ᠢᠶᠠᠨ ᠳᠠᠭᠤᠷᠢᠰᠬᠠᠬᠤ ᠠᠯᠲᠠᠨ ᠰᠠᠮᠪᠠᠷ᠎ᠠ ᠶᠢ ᠰᠢᠨ᠎ᠡ ᠭᠠᠶᠢᠬᠠᠮᠰᠢᠭ ᠢᠶᠠᠷ ᠮᠢᠯᠢᠶᠠᠰᠤᠭᠠᠢ︾ ᠬᠡᠮᠡᠨ ᠪᠦᠬᠦ ᠰᠤᠷᠤᠭᠴᠢ ᠪᠠᠨ ᠳᠠᠭᠠᠭᠤᠯᠤᠨ ᠰᠦᠷ ᠲᠠᠯᠠᠶᠢᠴᠠᠲᠠᠢ ᠲᠠᠩᠭᠠᠷᠢᠭᠯᠠᠵᠠᠢ᠃ ᠰᠤᠷᠭᠠᠭᠤᠯᠢ ᠶᠢᠨ ᠳᠡᠳ᠋ ᠵᠠᠬᠢᠷᠦᠯ ᠪᠤᠤ ᠰᠢᠦ ᠮᠸᠢ ᠪᠠᠭᠰᠢ ᠠᠴᠠ ᠦᠨᠳᠤᠷ ᠭᠤᠷᠪᠠ ᠶᠢᠨ ᠪᠦᠬᠦ ᠪᠠᠭᠰᠢ ᠰᠤᠷᠤᠭᠴᠢᠳ ᠲᠤ ᠴᠠᠭᠠᠨ ᠰᠠᠷ᠎ᠠ ᠶᠢᠨ ᠮᠡᠨᠳᠦᠴᠢᠯᠡᠯ ᠬᠦᠷᠭᠡᠵᠦ᠂ ᠦᠩᠭᠡᠷᠡᠭᠰᠡᠨ ᠵᠢᠯ ᠤᠨ ᠰᠣᠷᠭᠠᠭᠤᠯᠢ ᠶᠢᠨ ᠣᠯᠣᠭᠰᠠᠨ ᠠᠮᠵᠢᠯᠲᠠ ᠪᠦᠲᠦᠮᠵᠢ ᠶᠢᠨ ᠲᠤᠬᠠᠢ ᠡᠷᠭᠢᠴᠡᠭᠦᠯᠦᠯ ᠬᠢᠭᠰᠡᠨ ᠪᠦᠭᠡᠳ ᠤᠳᠠᠯ ᠦᠭᠡᠢ ᠬᠦᠷᠴᠦ ᠢᠷᠡᠬᠦ ᠭᠡᠵᠦ ᠪᠠᠶᠢᠭ᠎ᠠ ᠣᠯᠣᠰ ᠤᠨ ᠰᠢᠯᠭᠠᠯᠲᠠ ᠳᠤ ᠪᠡᠯᠡᠳᠭᠡᠯ ᠠᠵᠢᠯ ᠢ ᠬᠡᠷᠬᠢᠨ ᠭᠦᠢᠴᠡᠳ ᠬᠢᠵᠦ ᠲᠡᠭᠦᠰ ᠰᠠᠶᠢᠨ ᠠᠮᠵᠢᠯᠲᠠ ᠣᠯᠬᠤ ᠲᠣᠬᠠᠢ ᠶᠠᠷᠢᠪᠠ᠃ ᠲᠠᠷᠤᠢ ︽ᠪᠢᠳᠡ ᠵᠦᠪᠬᠡᠨ ᠳᠤᠮᠳᠠᠳᠤ ᠤᠯᠤᠰ ᠤᠨ ᠲᠦᠭ ᠲᠦᠮᠡᠨ ᠰᠢᠯᠭᠠᠭᠤᠯᠤᠭᠴᠢ ᠶᠢᠨ ᠨᠢᠭᠡ ᠪᠣᠯᠬᠤ ᠪᠠᠷ ᠦᠯᠦ ᠪᠠᠷᠠᠨ ᠮᠦᠨ ᠦᠨᠳᠦᠰᠦᠲᠡᠨ ᠤ ᠰᠤᠶᠤᠯ ᠤᠯᠠᠮᠵᠢᠯᠠᠯ ᠢ ᠡᠭᠦᠷᠭᠡᠯᠡᠵᠦ ᠶᠠᠪᠤᠭ᠎ᠠ ᠲᠠᠷᠬᠠᠨ ᠬᠠᠷᠢᠭᠤᠴᠠᠯᠭ᠎ᠠ ᠲᠠᠢ᠃ ᠦᠯᠡᠳᠡᠭᠡᠳ ᠪᠠᠶᠢᠬᠤ ᠵᠠᠭᠤᠨ ᠡᠳᠦᠷ ᠢ ᠪᠢᠳᠡ ᠰᠢᠷᠭᠠᠭᠤ ᠲᠡᠮᠡᠴᠡᠵᠦ ᠪᠠᠶᠢᠭᠠᠳ ᠰᠠᠶ᠋ᠢ ᠠᠮᠵᠢᠯᠲᠠ ᠶᠢᠨ ᠬᠡᠰᠢᠭ ᠪᠤᠶᠠᠨ ᠢ ᠣᠯᠵᠦ ᠲᠡᠶᠢᠯᠦᠨ᠎ᠡ᠃ ᠪᠢᠳᠡ ᠡᠷᠭᠡᠪᠰᠢ ᠦᠪᠡᠷ ᠤᠨ ᠪᠡᠶ᠎ᠡ ᠳᠤ ᠪᠠᠨ ᠢᠳᠡᠭᠡᠯ ᠲᠠᠢ ᠪᠠᠶᠢᠵᠦ᠂ ᠪᠡᠶ᠎ᠡ ᠳᠤ ᠪᠠᠨ ᠲᠤᠬᠢᠷᠠᠭᠰᠠᠨ ᠵᠣᠬᠢᠰᠲᠠᠢ ᠲᠦᠯᠦᠪᠯᠡᠭᠡ ᠲᠤᠭᠲᠠᠭᠠᠨ᠂ ᠪᠣᠲᠠᠲᠠᠢ ᠲᠦᠯᠦᠪᠯᠡᠭᠡ ᠠᠴᠠ ᠭᠠᠷᠳᠠᠵᠦ᠂ ᠡᠷᠡᠭᠦᠯ ᠴᠢᠬᠢᠷᠠᠭ ᠪᠡᠶ᠎ᠡ ᠴᠣᠭᠴᠠᠰ ᠢ ᠪᠤᠯᠪᠠᠰᠤᠷᠠᠭᠤᠯᠤᠨ᠂ ᠪᠠᠲᠦ ᠪᠠᠬᠢ ᠰᠠᠭᠤᠷᠢ ᠮᠡᠳᠡᠯᠭᠡ ᠶᠢ ᠬᠤᠷᠠᠮᠳᠤᠭᠤᠯᠵᠦ᠂ ᠦᠨᠳᠦᠷ ᠠᠰᠢᠭᠯᠠᠮᠵᠢᠲᠠᠢ ᠰᠢᠯᠭᠠᠯᠲᠠ ᠶᠢᠨ ᠴᠢᠳᠠᠪᠤᠷᠢ ᠶᠢ ᠡᠵᠡᠮᠰᠢᠨ᠂ ᠰᠤᠷᠤᠯᠴᠠᠯᠭ᠎ᠠ ᠶᠢ ᠨᠦᠯᠦᠭᠡᠯᠡᠬᠦ ᠠᠯᠢᠪᠠ ᠵᠦᠢᠯᠡᠰ ᠢ ᠲᠠᠶᠠᠭᠳᠠᠨ᠂ ᠪᠦᠬᠦ ᠰᠡᠳᠬᠢᠯ ᠪᠦᠬᠦ ᠬᠦᠴᠦᠨ ᠢᠶᠠᠨ ᠡᠨᠡᠬᠦ ᠵᠠᠭᠤᠨ ᠡᠳᠦᠷ ᠤᠨ ᠰᠢᠪᠲᠤᠯᠤᠯᠲᠠ ᠳᠤ ᠵᠣᠷᠢᠭᠤᠯᠤᠨ᠎ᠠ︾ ᠭᠡᠰᠡᠨ ᠰᠠᠨᠠᠭᠤᠯᠭ᠎ᠠ ᠪᠠ ᠱᠠᠭᠠᠷᠳᠠᠯᠭ᠎ᠠ ᠲᠠᠯᠪᠢᠵᠠᠢ᠃ ᠬᠠᠪᠤᠷ ᠤᠨ ᠡᠶᠡᠪᠡᠷᠭᠦᠦ ᠰᠠᠯᠬᠢᠨ ᠤ ᠢᠪᠡᠭᠡᠯ ᠲᠤᠤᠷ᠎ᠠ ᠢᠲᠡᠭᠡᠯ ᠬᠦᠰᠡᠯ ᠢ ᠡᠪᠦᠷᠯᠡᠭᠰᠡᠨ ᠬᠢᠩᠭᠠᠨ ᠤ 500 ᠢᠯᠡᠭᠦᠦ ᠮᠣᠩᠭᠤᠯ ᠰᠣᠳᠣᠨ ᠦᠷᠡᠰ ᠤᠯᠠᠭᠠᠨᠬᠤᠲᠠ ᠬᠤᠶᠠᠳᠤᠭᠠᠷ ᠳᠤᠮᠳᠠᠳᠤ ᠰᠤᠷᠭᠠᠭᠤᠯᠢ ᠳᠤ ᠪᠠᠨ ᠭᠤᠷᠪᠠᠨ ᠵᠢᠯ ᠤᠨ ᠰᠢᠷᠭᠠᠭᠤ ᠬᠠᠲᠠᠭᠤᠵᠢᠯᠲᠠᠢ ᠰᠤᠷᠤᠯᠴᠠᠯᠭ᠎ᠠ ᠴᠢᠷᠮᠠᠶᠢᠯᠭ᠎ᠠ ᠪᠠᠷ ᠳᠠᠮᠵᠢᠨ ᠦᠨᠦᠳᠦᠷ ᠢᠳᠡᠭᠡᠯ ᠳᠡᠭᠦᠯᠳᠡᠷ ᠬᠦᠴᠦᠨ ᠵᠤᠷᠢᠭ ᠢᠶᠠᠷ ᠬᠢᠩᠭᠠᠨ ᠤ ᠭᠠᠵᠠᠷ ᠨᠤᠲᠤᠭ ᠲᠤ ᠪᠠᠨ ᠲᠠᠩᠭᠠᠷᠢᠭᠯᠠᠵᠦ ᠪᠠᠶᠢᠬᠤ ᠤᠷᠠᠢ ᠳᠠᠭᠤᠨ ᠠᠴᠠ ᠮᠠᠷᠭᠠᠰᠢ ᠶᠢᠨ ᠠᠮᠵᠢᠯᠲᠠ ᠶᠢᠨ ᠵᠦᠩ ᠰᠣᠪᠢᠩ ᠢᠯᠡᠷᠭᠡᠢ ᠮᠡᠳᠡᠭᠳᠡᠵᠦ ᠪᠠᠶᠢᠨᠠᠮ᠃ ᠬᠠᠮᠤᠭ ᠰᠡᠭᠦᠯ ᠳᠤ᠂ ᠪᠦᠬᠦ ᠪᠠᠭᠰᠢ ᠰᠤᠷᠤᠭᠴᠢ ᠠᠴᠠ ᠦᠪᠡᠷ ᠤᠨ ᠭᠠᠷ ᠤᠨ ᠦᠰᠦᠭ ᠢᠶᠠᠨ ᠬᠦᠨᠳᠡᠯᠨᠨ ᠪᠢᠴᠢᠭᠡᠰᠦᠨ ᠳᠤ ᠪᠢᠴᠢᠵᠦ ᠦᠯᠡᠳᠡᠭᠡᠨ ᠬᠠᠮᠲᠤ ᠪᠠᠷ ᠲᠠᠪᠰᠢᠵᠦ ᠤᠷᠤᠭᠰᠢᠯᠠᠨ᠂ ᠨᠡᠩ ᠦᠨᠳᠦᠷ ᠬᠢᠯᠠᠯᠵᠠᠭᠰᠠᠨ ᠠᠮᠵᠢᠯᠲᠠ ᠶᠢ ᠲᠠᠬᠢᠨᠳᠠ ᠡᠬᠦᠳᠬᠦ ᠵᠤᠷᠢᠭ ᠰᠠᠨᠠᠭ᠎ᠠ ᠪᠠᠨ ᠢᠯᠡᠳᠭᠡᠭᠰᠡᠨ ᠪᠠᠶᠢᠨ᠎ᠠ᠃
 
ᠢᠷᠡᠯᠲᠡ᠄ ᠬᠢᠩᠭᠠᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号