ᠷᠠᠰᠢᠶᠠᠨ ︵ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠬᠢᠩᠭᠠᠨ ᠠᠶᠢᠮᠠᠭ ᠤᠨ ᠰᠢᠶᠠᠨ ᠤ ᠲᠡᠰ ᠤᠨ ᠬᠤᠳᠠ︶
ᠨᠡᠶᠢᠲᠡᠯᠡᠭᠰᠡᠨ ᠴᠠᠭ᠄
2018-12-19
    ᠷᠠᠰᠢᠶᠠᠨ ︵ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠬᠢᠩᠭᠠᠨ ᠠᠶᠢᠮᠠᠭ ᠤᠨ ᠰᠢᠶᠠᠨ ᠤ ᠲᠡᠰ  ᠤᠨ ᠬᠤᠳᠠ︶     ᠷᠠᠰᠢᠶᠠᠨ ᠬᠤᠳᠠ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠬᠢᠩᠭᠠᠨ ᠠᠶᠢᠮᠠᠭ ᠤᠨ ᠪᠠᠷᠠᠭᠤᠨ ᠬᠤᠶᠢᠳᠤ ᠬᠡᠰᠡᠭ ᠲᠤ ᠪᠠᠶᠢᠷᠢᠰᠢᠵᠦ᠂ ᠶᠡᠭᠡ ᠬᠢᠩᠭᠠᠨ ᠲᠠᠪᠠᠭ᠎ᠠ ᠶᠢᠨ ᠪᠠᠷᠠᠭᠤᠨ ᠡᠮᠦᠨ᠎ᠡ ᠠᠭᠤᠯᠠᠨ ᠬᠤᠷᠮᠤᠢ ᠶᠢ ᠰᠤᠨᠳᠠᠯᠠᠵᠦ᠂ ᠬᠢᠩᠭᠠᠨ ᠠᠶᠢᠮᠠᠭ ᠤᠨ ᠰᠢᠭᠤᠶᠢᠳᠤ ᠤᠷᠤᠨ ᠤ ᠤᠯᠤᠰ ᠲᠦᠷᠦ᠂ ᠠᠵᠦ ᠠᠬᠤᠢ᠂ ᠰᠤᠶᠤᠯ ᠤᠨ ᠲᠦᠪ ᠪᠤᠯᠤᠨ᠎ᠠ᠃ ᠭᠠᠵᠠᠷ ᠵᠦᠢ ᠶᠢᠨ ᠪᠠᠶᠢᠷᠢᠰᠢᠯ ᠨᠢ ᠵᠡᠭᠦᠨ ᠤᠷᠳᠤᠷᠢᠭ   ᠤᠨ 119°28' —121°23' ᠤᠮᠠᠷᠠᠳᠤ ᠦᠷᠭᠡᠷᠢᠭ   ᠤᠨ 46°39'—47°39'  ᠂ ᠪᠦᠬᠦ ᠤᠯᠤᠰ ᠤᠨ ᠦᠷᠭᠡᠷᠢᠭ ᠬᠠᠮᠤᠭ ᠦᠨᠳᠦᠷ ᠬᠤᠳᠠ ᠶᠢᠨ ᠨᠢᠭᠡ ᠪᠤᠯᠤᠨ᠎ᠠ᠃ ᠬᠦᠢᠳᠡᠨ ᠰᠡᠷᠢᠭᠦᠨ ᠪᠦᠰᠡ ᠶᠢᠨ ᠡᠬᠡ ᠭᠠᠵᠠᠷ ᠤᠨ ᠴᠢᠨᠠᠷᠲᠠᠢ ᠤᠯᠠᠷᠢᠯ ᠤᠨ ᠰᠠᠯᠬᠢᠨ ᠤ ᠠᠭᠤᠷ ᠠᠮᠢᠰᠬᠤᠯ ᠳᠤ ᠬᠠᠷᠢᠶᠠᠯᠠᠭᠳᠠᠵᠦ᠂ ᠤᠳᠠᠭᠠᠨ ᠵᠢᠯ ᠬᠦᠢᠳᠡᠨ ᠨᠤᠶᠢᠳᠠᠨ ᠴᠢᠬᠢᠭᠯᠢᠭ᠂ ᠡᠪᠦᠯ ᠤᠷᠳᠤ᠂ ᠵᠢᠯ ᠤᠨ ᠲᠤᠮᠳᠠᠴᠢ ᠠᠭᠠᠷ ᠤᠨ ᠲᠤᠯᠠᠭᠠᠨ - 3.2℃᠂ ᠬᠠᠮᠤᠭ ᠲᠤᠤᠷ᠎ᠠ ᠠᠭᠠᠷ ᠤᠨ ᠲᠤᠯᠠᠭᠠᠨ-45.7℃ ᠬᠦᠷᠴᠦ᠂ ᠬᠠᠮᠤᠭ ᠦᠨᠳᠦᠷ ᠠᠭᠠᠷ ᠤᠨ ᠲᠤᠯᠠᠭᠠᠨ 34.1℃ ᠬᠦᠷᠳᠡᠭ᠃ ᠵᠢᠯ ᠤ ᠲᠤᠮᠳᠠᠴᠢ ᠲᠤᠨᠳᠠᠰᠤᠨ ᠤ ᠬᠡᠮᠵᠢᠶ᠎ᠡ 448.8 ᠮᠢᠯᠢᠮᠧᠲᠷ ᠬᠦᠷᠴᠦ᠂ ᠪᠦᠬᠦ ᠵᠢᠯ ᠳᠡᠭᠡᠨ ᠬᠢᠷᠠᠭᠤ ᠦᠭᠡᠢ ᠬᠤᠭᠤᠴᠠᠭ᠎ᠠ ᠨᠢ ᠶᠡᠷᠦ   ᠳᠡᠭᠡᠨ 90 ᠡᠳᠦᠷ ᠰᠢᠬᠠᠮ ᠪᠠᠶᠢᠳᠠᠭ᠃ ᠤᠷᠤᠨ ᠬᠡᠪᠴᠢᠶ᠎ᠡ ᠲᠤᠳᠤᠷ᠎ᠠ ᠠᠭᠤᠯᠠᠰ ᠲᠤᠯᠭᠢᠶᠠᠯᠠᠵᠦ᠂ ᠭᠤᠤ ᠰᠤᠪᠠᠭ ᠰᠦᠯᠵᠢᠯᠳᠤᠵᠦ᠂ ᠲᠤᠮᠳᠠᠳᠤ ᠪᠤᠭᠤᠨᠢ ᠠᠭᠤᠯᠠ ᠤᠰᠤᠨ ᠤ ᠭᠠᠵᠠᠷ ᠤᠨ ᠲᠦᠷᠢ  ᠲᠠᠢ ᠪᠠᠶᠢᠵᠦ᠂ ᠲᠤᠮᠳᠠᠴᠢ ᠲᠠᠯᠠᠢ ᠶᠢᠨ ᠲᠦᠪᠰᠢᠨ 1100 ᠮᠧᠲᠷ ᠪᠠᠶᠢᠳᠠᠭ᠃ ᠵᠡᠭᠦᠨ ᠲᠠᠯ᠎ᠠ ᠪᠠᠷ ᠢᠶᠠᠨ ᠬᠦᠯᠦᠨ ᠪᠤᠶᠢᠷ ᠬᠤᠳᠠ ᠶᠢᠨ ᠵᠠᠯᠠᠨ ᠠᠶᠢᠯ ᠬᠤᠳᠠ ᠪᠤᠯᠤᠨ ᠬᠢᠩᠭᠠᠨ ᠠᠶᠢᠮᠠᠭ ᠤᠨ ᠵᠠᠯᠠᠶᠢᠳ ᠬᠤᠰᠢᠭᠤ ᠲᠠᠢ ᠬᠦᠷᠰᠢᠯᠳᠦᠵᠦ᠂  ᠡᠮᠦᠨ᠎ᠡ ᠪᠠᠨ ᠬᠢᠩᠭᠠᠨ ᠠᠶᠢᠮᠠᠭ ᠤᠨ ᠬᠤᠷᠴᠢᠨ ᠪᠠᠷᠠᠭᠤᠨ ᠭᠠᠷᠤᠨ ᠡᠮᠦᠨᠡᠳᠦ ᠬᠤᠰᠢᠭᠤ ᠲᠠᠢ ᠬᠦᠷᠰᠢᠯᠡᠵᠦ᠂ ᠪᠠᠷᠠᠭᠤᠨ ᠲᠠᠯ᠎ᠠ ᠪᠠᠷ ᠢᠶᠠᠨ ᠮᠤᠩᠭᠤᠯ ᠤᠯᠤᠰ ᠲᠠᠢ ᠵᠠᠬ᠎ᠠ ᠨᠡᠶᠢᠯᠡᠵᠦ  ᠂ ᠬᠤᠶᠢᠳᠤ ᠲᠠᠯ᠎ᠠ ᠪᠠᠷ ᠢᠶᠠᠨ ᠬᠦᠯᠦᠨ ᠪᠤᠶᠢᠷ ᠬᠤᠳᠠ ᠶᠢᠨ ᠰᠢᠨ᠎ᠡ ᠪᠠᠷᠭᠤ ᠵᠡᠭᠦᠨ ᠬᠤᠰᠢᠭᠤ᠂ ᠡᠸᠠᠩᠭᠢ ᠦᠨᠳᠦᠰᠦᠳᠡᠨ ᠤ ᠦᠪᠡᠷᠳᠡᠭᠡᠨ ᠵᠠᠰᠠᠬᠤ ᠬᠤᠰᠢᠭᠤ ᠲᠠᠢ ᠨᠡᠶᠢᠯᠡᠵᠦ ᠪᠠᠶᠢᠨ᠎ᠠ᠃ ᠵᠡᠭᠦᠨᠰᠢ ᠪᠠᠷᠠᠭᠤᠨᠰᠢ ᠤᠷᠳᠤ ᠨᠢ 142 ᠺᠢᠯᠤᠮᠧᠲᠷ᠂ ᠡᠮᠦᠨᠡᠰᠢ ᠤᠮᠠᠷᠠᠰᠢ 220 ᠺᠢᠯᠤᠮᠧᠲᠷ ᠂ ᠶᠡᠷᠦᠩᠬᠡᠢ ᠲᠠᠯᠠᠪᠠᠢ ᠨᠢ 7408.7 ᠲᠡᠭᠰᠢ ᠲᠦᠷᠪᠡᠯᠵᠢᠨ ᠺᠢᠯᠤᠮᠧᠲᠷ᠂ ᠬᠠᠷᠢᠶᠠᠳᠤ ᠬᠡᠪᠴᠢᠶᠡᠨ ᠲᠤᠳᠤᠷ᠎ᠠ ᠲᠤᠮᠳᠠᠳᠤ ᠮᠤᠩᠭᠤᠯ ᠤᠯᠤᠰ ᠤᠨ ᠬᠢᠯᠢ ᠶᠢᠨ ᠱᠤᠭᠤᠮ ᠤᠨ ᠤᠷᠳᠤ ᠨᠢ 93.434 ᠺᠢᠯᠤᠮᠧᠲᠷ ᠪᠤᠯᠤᠨ᠎ᠠ᠃     2012 ᠤᠨ ᠤ ᠡᠴᠦᠰ ᠲᠤ ᠪᠦᠬᠦ ᠬᠤᠳᠠ ᠶᠢᠨ ᠬᠦᠮᠦᠨ ᠠᠮᠠ ᠶᠢᠨ ᠲᠤᠭ᠎ᠠ 48633  ᠬᠦᠷᠴᠤ᠂ ᠮᠤᠩᠭᠤᠯ᠂ ᠬᠢᠳᠠᠳ᠂ ᠮᠠᠨᠵᠤ᠂ ᠰᠣᠯᠤᠩᠭᠤᠰ᠂ ᠲᠠᠭᠤᠷ  ᠂ ᠵᠤᠸᠠᠩ᠂ ᠰᠢᠪᠡᠭᠡ ᠦᠨᠳᠦᠰᠦᠳᠡᠨ ᠢᠶᠠᠷ ᠪᠦᠷᠢᠯᠳᠦᠵᠦ᠂ ᠮᠤᠩᠭᠤᠯ ᠦᠨᠳᠦᠰᠦᠳᠡᠨ ᠢᠶᠠᠷ ᠭᠤᠤᠯ ᠴᠤᠭᠴᠠ ᠪᠤᠯᠭᠠᠭᠰᠠᠨ ᠬᠢᠳᠠᠳ ᠦᠨᠳᠦᠰᠦᠳᠡᠨ ᠤᠯᠠᠩᠬᠢ ᠶᠢ ᠡᠵᠡᠯᠡᠭᠰᠡᠨ ᠤᠯᠠᠨ ᠦᠨᠳᠦᠰᠦᠳᠡᠨ ᠲᠦᠪᠯᠡᠷᠡᠨ ᠰᠠᠭᠤᠷᠢᠰᠢᠭᠰᠠᠨ ᠭᠠᠵᠠᠷ ᠤᠷᠤᠨ ᠪᠤᠯᠤᠨ᠎ᠠ᠃ 2018 ᠤᠨ ᠤ 11 ᠰᠠᠷ᠎ᠠ ᠳᠤ ᠬᠤᠶᠠᠳᠤᠭᠠᠷ ᠪᠦᠯᠦᠭ ᠤᠨ ᠣᠯᠣᠰ ᠤᠨ ᠠᠮᠢ ᠠᠬᠤᠢ ᠶᠢᠨ ᠪᠤᠯᠪᠠᠰᠤᠨ ᠪᠦᠳᠦᠭᠡᠨ ᠪᠠᠶᠢᠭᠤᠯᠤᠯᠳᠠ ᠶᠢᠨ ᠵᠢᠱᠢᠶ᠎ᠡ ᠦᠵᠡᠭᠦᠯᠬᠦ ᠬᠤᠳᠠ ᠰᠢᠶᠠᠨ ᠤ  ᠲᠡᠷᠢᠭᠦᠨ ᠨᠡᠷᠡᠰ ᠢᠶᠠᠷ ᠰᠤᠩᠭᠤᠭᠳᠠᠪᠠ᠃     ᠷᠠᠰᠢᠶᠠᠨ ᠬᠤᠳᠠ ᠨᠢ ᠤᠤᠯ ᠤᠨ ᠬᠢᠩᠭᠠᠨ ᠠᠶᠢᠮᠠᠭ ᠤᠨ ᠬᠤᠷᠴᠢᠨ ᠪᠠᠷᠠᠭᠤᠨ ᠭᠠᠷᠤᠨ ᠡᠮᠦᠨᠡᠳᠦ ᠬᠤᠰᠢᠭᠤᠨ  ᠤ ᠨᠢᠭᠡᠨ ᠤᠯᠤᠰ ᠨᠢᠭᠡᠴᠡ ᠶᠢᠨ ᠲᠦᠷᠢᠮᠳᠤ ᠪᠠᠯᠭᠠᠰᠤ ᠪᠠᠶᠢᠵᠦ᠂ 1992 ᠤᠨ ᠤ 12 ᠰᠠᠷ᠎ᠠ ᠳᠤ ᠦᠪᠡᠷᠳᠡᠭᠡᠨ ᠵᠠᠰᠠᠬᠤ ᠤᠷᠤᠨ ᠤ ᠠᠷᠠᠳ ᠤᠨ ᠵᠠᠰᠠᠭ ᠤᠨ ᠣᠷᠳᠣᠨ ᠤ ᠵᠦᠪᠰᠢᠶᠡᠷᠯᠡᠯ ᠢᠶᠠᠷ ᠷᠠᠰᠢᠶᠠᠨ ᠬᠤᠳᠠ ᠶᠢᠨ ᠠᠵᠤ ᠠᠬᠤᠢ  ᠶᠢᠨ ᠨᠡᠬᠡᠬᠡᠯᠳᠡ ᠬᠦᠭᠵᠢᠭᠦᠯᠦᠯᠳᠡ ᠶᠢᠨ ᠤᠷᠤᠨ ᠢ ᠪᠠᠶᠢᠭᠤᠯᠵᠠᠢ᠃ 1996 ᠤᠨ ᠤ 6 ᠰᠠᠷ᠎ᠠ ᠲᠦᠷᠦ ᠶᠢᠨ ᠶᠠᠪᠤᠳᠠᠯ ᠤᠨ ᠬᠤᠷᠢᠶᠠᠨ ᠤ ᠵᠦᠪᠰᠢᠶᠡᠷᠯᠡᠯ ᠢᠶᠠᠷ ᠰᠢᠶᠠᠨ ᠤ ᠲᠡᠰ ᠤᠨ ᠬᠤᠳᠠ ᠶᠢ ᠪᠠᠶᠢᠭᠤᠯᠵᠠᠢ᠃ ᠤᠳᠤᠬᠠᠨ ᠤ ᠬᠠᠷᠢᠶ᠎ᠠ ᠬᠡᠪᠴᠢᠶᠡᠨ ᠳᠤ ᠲᠦᠷᠪᠡᠨ ᠪᠠᠯᠭᠠᠰᠤ  ︵ᠲᠢᠶᠠᠨ ᡂᠢ ᠪᠠᠯᠭᠠᠰᠤ᠂ ᠪᠠᠢ ᠯᠠᠩ ᠪᠠᠯᠭᠠᠰᠤ᠂ ᠦ᠋ ᠴᠠ ᠭᠧᠦ ᠪᠠᠯᠭᠠᠰᠤ᠂ ᠮᠢᠩ ᠱᠦᠢ ᠪᠠᠯᠭᠠᠰᠤ︶ ᠪᠤᠯᠤᠨ ᠲᠦᠷᠪᠡᠨ ᠵᠠᠭᠡᠯᠢ ᠶᠢᠨ ᠬᠡᠷᠡᠭ ᠡᠷᠬᠢᠯᠡᠬᠦ ᠭᠠᠵᠠᠷ ︵ᠷᠠᠰᠢᠶᠠᠨ ᠵᠡᠭᠡᠯᠢ᠂ ᠰᠢᠨ᠎ᠡ ᠬᠤᠳᠠ ᠵᠡᠭᠡᠯᠢ᠂ ᠯᠢᠨ ᠬᠠᠢ ᠵᠡᠭᠡᠯᠢ᠂ ᠢᠷᠪᠢᠰ ᠵᠡᠭᠡᠯᠢ︶ ᠡᠭᠦᠨ ᠤ ᠬᠠᠮᠳᠤ ᠷᠠᠰᠢᠶᠠᠨ᠂ ᠦ᠋ ᠴᠠ ᠭᠧᠦ᠂ ᠪᠠᠢ ᠯᠠᠩ ᠭᠤᠷᠪᠠᠨ ᠰᠢᠶᠠᠨ ᠤ ᠭᠠᠵᠠᠷ ᠲᠤ ᠰᠠᠭᠤᠭ᠎ᠠ ᠤᠢ ᠰᠢᠭᠤᠢ ᠶᠢᠨ ᠲᠤᠪᠴᠢᠶ᠎ᠠ  ᠵᠢᠴᠢ 66056 ᠴᠡᠷᠢᠭ ᠠᠩᠭᠢ ᠂ ᠠᠭᠠᠷ ᠤᠨ ᠴᠡᠷᠢᠭ ᠤᠨ ᠷᠠᠳᠠᠷ ᠤᠨ ᠦᠷᠳᠡᠭᠡ᠂ ᠣᠢ ᠰᠢᠭᠤᠢ ᠶᠢᠨ ᠴᠠᠭᠳᠠᠭ᠎ᠠ᠂ ᠭᠠᠯ   ᠢ ᠰᠡᠷᠭᠡᠶᠢᠯᠡᠨ ᠤᠨᠲᠠᠷᠠᠭᠠᠬᠤ ᠴᠠᠭᠳᠠᠭ᠎ᠠ᠂ ᠵᠡᠪᠰᠡᠭᠳᠦ ᠴᠠᠭᠳᠠᠭ᠎ᠠ᠂ ᠬᠢᠯᠢ ᠶᠢᠨ ᠪᠠᠶᠢᠴᠠᠭᠠᠯᠳᠠ ᠵᠡᠷᠭᠡ ᠤᠯᠠᠨ ᠴᠡᠷᠢᠭ ᠤᠨ ᠲᠦᠷᠦᠯ ᠪᠠᠶᠢᠨ᠎ᠠ᠃      ᠵᠤᠭᠠᠴᠠᠯ ᠤᠨ ᠡᠬᠢ ᠪᠠᠶᠠᠯᠢᠭ ᠡᠯᠪᠡᠭ ᠲᠡᠯᠪᠡᠭ ᠮᠦᠷᠳᠡᠬᠡᠨ ᠨᠢᠭᠡᠳᠦᠯ ᠤᠨ ᠬᠡᠮᠵᠢᠶ᠎ᠠ ᠪᠠᠷ ᠰᠠᠶᠢᠨ  ᠂ ᠠᠳᠡ ᠭᠠᠶᠢᠬᠠᠯᠲᠠᠢ ᠷᠠᠰᠢᠶᠠᠨ ᠤᠰᠤ᠂ ᠡᠯᠪᠡᠭ ᠪᠠᠶᠠᠯᠢᠭ ᠮᠦᠰᠦ ᠴᠠᠰᠤ᠂ ᠦᠷᠭᠡᠨ ᠠᠭᠤᠳᠠᠮ ᠤᠢ ᠰᠢᠭᠤᠢ᠂ ᠴᠡᠯᠡᠭᠡᠷ ᠠᠭᠤᠳᠠᠮ ᠲᠠᠯ᠎ᠠ᠂ ᠭᠠᠶᠢᠬᠠᠮᠰᠢᠭᠳᠤ ᠰᠠᠶᠢᠬᠠᠨ ᠭᠠᠯᠳᠤ ᠠᠭᠤᠯᠠ ᠶᠢᠨ ᠦᠯᠡᠳᠡᠭᠳᠡᠯ᠂ ᠡᠯᠪᠡᠭ ᠪᠠᠶᠠᠯᠢᠭ ᠭᠤᠤᠯ ᠮᠦᠷᠡᠨ ᠨᠠᠭᠤᠷ᠂ ᠲᠠᠷᠬᠠᠯᠳᠠ ᠦᠷᠭᠡᠨ ᠲᠡᠯᠭᠡᠷ ᠲᠡᠯᠡᠭᠡᠢ ᠶᠢᠨ ᠬᠤᠶᠠᠳᠤᠭᠠᠷ ᠲᠠᠶᠢᠨ ᠤ ᠪᠠᠭᠤᠷᠢ ᠪᠠᠶᠢᠳᠠᠭ᠃ ᠤᠢ ᠰᠢᠭᠤᠢ ᠶᠢᠨ ᠪᠦᠷᠬᠦᠴᠡ ᠶᠢᠨ ᠨᠤᠷᠮ᠎ᠠ 80% ᠠᠴᠠ ᠳᠡᠭᠡᠭᠰᠢ ᠪᠠᠶᠢᠵᠦ᠂ ᠨᠤᠭᠤᠭᠠᠨ ᠤᠷᠭᠤᠮᠠᠯ ᠬᠤᠴᠢᠯᠭ᠎ᠠ ᠶᠢᠨ ᠨᠤᠷᠮ᠎ᠠ 95%  ᠪᠠᠶᠢᠳᠠᠭ᠃ᠷᠠᠰᠢᠶᠠᠨ ᠬᠤᠳᠠ ᠮᠦᠰᠦ ᠴᠠᠰᠤ ᠪᠤᠯᠤᠨ ᠬᠠᠯᠠᠭᠤᠨ ᠷᠠᠰᠢᠶᠠᠨ ᠬᠤᠶᠠᠭᠤᠯᠠ ᠶᠢ ᠤᠶᠠᠯᠳᠤᠭᠤᠯᠵᠦ᠂ ᠷᠠᠰᠢᠶᠠᠨ ᠤ ᠬᠠᠯᠠᠭᠤᠨ ᠷᠠᠰᠢᠶᠠᠨ ᠨᠢ ᠰᠤᠪᠢᠯᠠᠯᠳᠠ ᠠᠮᠠᠷᠠᠨ ᠵᠤᠭᠠᠴᠠᠬᠤ ᠤᠨᠴᠠᠯᠢᠭ ᠲᠠᠢ᠂ ᠮᠦᠰᠦ ᠴᠠᠰᠦ ᠨᠢ ᠬᠦᠳᠡᠯᠭᠡᠭᠡᠨ ᠤ ᠰᠡᠯᠡᠭᠦᠴᠡᠯ ᠤᠨᠴᠠᠯᠢᠭ ᠲᠠᠢ᠂ ᠭᠠᠯᠳᠤ ᠠᠭᠤᠯᠠ ᠨᠢ ᠰᠢᠨᠵᠢᠯᠡᠬᠦ ᠤᠬᠠᠭᠠᠨ ᠤ ᠬᠠᠶᠢᠨ ᠪᠠᠶᠢᠴᠠᠭᠠᠯᠳᠠ ᠶᠢᠨ ᠤᠨᠴᠠᠯᠢᠭ  ᠲᠠᠢ᠂ ᠠᠭᠤᠷ ᠠᠮᠢᠰᠬᠤᠯ ᠨᠢ ᠰᠡᠷᠢᠭᠦᠴᠡᠭᠦᠯᠬᠦ ᠤᠨᠴᠠᠯᠢᠭ ᠲᠠᠢ ᠪᠠᠶᠢᠵᠦ᠂ ᠷᠠᠰᠢᠶᠠᠨ ᠬᠤᠳᠠ ᠡᠬᠢ ᠪᠠᠶᠠᠯᠢᠭ ᠤᠨ ᠲᠠᠪᠠᠭᠤᠯᠢᠭ ᠭᠠᠶᠢᠬᠠᠮᠰᠢᠭᠳᠤ ᠠᠭᠤᠯᠠ ᠤᠰᠤ ᠪᠤᠯᠤᠨ ᠤᠨᠴᠠᠯᠢᠭᠳᠤ ᠲᠡᠤᠬᠡ ᠰᠤᠶᠤᠯ ᠢᠶᠠᠷ ᠬᠤᠪᠢ ᠨᠡᠮᠡᠷᠢ ᠦᠵᠡᠭᠦᠯᠵᠦ ᠪᠠᠶᠢᠨ᠎ᠠ᠃  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号